Чавхдасын онол
ᠴᠢᠪᠬᠠᠳᠠᠰᠦ ᠶᠢᠨ ᠣᠨᠤᠯ
ᠴᠢᠪᠬᠠᠳᠠᠰᠦ ᠶᠢᠨ ᠣᠨᠤᠯ
ᠡᠭᠡᠯ ᠪᠥᠭᠡᠮᠰ ᠦᠨ ᠹᠢᠽᠢᠻ ᠲᠦ ᠴᠡᠭ ᠰᠢᠨᠵᠢᠲᠦ ᠪᠥᠭᠡᠮᠰ ᠦᠨ ᠪᠠᠢᠢᠨ᠎ᠠ ᠭᠡᠰᠡᠨ ᠲᠥᠰᠦᠭᠡᠯᠡᠯ ᠢ ᠴᠢᠪᠬᠠᠳᠠᠰᠤ ᠬᠡᠮᠡᠬᠦ ᠨᠢᠭᠡ ᠬᠡᠮᠵᠢᠭᠳᠡᠬᠦᠨᠲᠦ ᠰᠤᠨᠠᠮᠠᠭ ᠪᠦᠷᠡᠯᠳᠡᠬᠦᠨ ᠬᠡᠰᠡᠭ ᠦᠳ ᠦᠨ ᠲᠤᠬᠠᠢ ᠲᠥᠰᠦᠭᠡᠯᠡᠯ ᠢᠢᠡᠷ ᠰᠣᠯᠢᠭᠰᠠᠨ ᠣᠨᠤᠯ ᠤᠨ ᠲᠣᠭᠲᠠᠯᠴᠭᠠ᠃ ᠲᠡᠳᠡᠭᠡᠷ ᠴᠢᠪᠬᠠᠳᠠᠰᠤ ᠨᠢ ᠬᠡᠯᠪᠡᠯᠵᠡᠯ ᠦᠨ ᠢᠢᠡᠨ ᠲᠥᠯᠦᠪ ᠪᠠᠢᠢᠳᠠᠯ ᠨᠢ ᠶᠠᠮᠪᠠᠷ ᠡᠭᠡᠯ ᠪᠥᠭᠡᠮ ᠦᠨ ᠬᠡᠯᠪᠡᠷᠢ ᠪᠡᠷ ᠢᠯᠡᠷᠡᠬᠦ ᠢᠢ ᠲᠣᠳᠠᠷᠬᠠᠢᠯᠠᠳᠠᠭ᠃
ᠦᠨᠳᠦᠰᠦᠨ ᠪᠠᠷᠢᠮᠲᠠᠯᠠᠯ
ᠴᠢᠪᠬᠠᠳᠠᠰᠦ
ᠴᠢᠪᠬᠠᠳᠠᠰᠤ ᠢᠢ ᠨᠠᠮ ᠧᠨᠧᠷᠭᠢ ᠶᠢᠨ ᠹᠢᠽᠢᠻ ᠳᠦ ᠧᠻᠰᠲ᠋ᠷᠠᠫᠥᠯᠠᠼ ᠬᠢᠬᠦ ᠮᠧᠻᠠᠨᠢᠰᠮ ᠪᠠᠢᠳᠠᠭ ᠰᠠᠨ ᠪᠣᠯ ᠴᠢᠭᠬᠠᠳᠠᠰᠦ ᠶᠢᠨ ᠣᠨᠤᠯ ᠦᠨᠳᠦᠰᠦᠨ ᠪᠦᠬᠢ ᠪᠥᠭᠡᠮᠰ᠂ ᠲᠡᠳᠡᠭᠡᠷ ᠦᠨ ᠬᠠᠷᠢᠯᠴᠠᠨ ᠦᠢᠯᠡᠴᠢᠯᠡᠯ ᠢ ᠭᠠᠭᠴᠠ ᠬᠡᠮᠵᠢᠭᠳᠡᠬᠦᠨᠲᠦ ᠣᠪᠶᠧᠻᠲ ᠦᠳ ᠦᠨ ᠬᠡᠯᠪᠡᠯᠵᠡᠯ ᠦᠨ ᠰᠫᠡᠻᠲᠷ ᠦᠨ ᠬᠢᠵᠠᠭᠠᠷᠯᠠᠯᠲᠠ ᠨᠤᠭᠤᠳ ᠤᠨ ᠬᠡᠯᠪᠡᠷᠢ ᠪᠡᠷ ᠲᠣᠳᠤᠷᠬᠠᠢᠯᠠᠬᠤ ᠶᠤᠮ᠃ ᠻᠣᠮᠫᠠᠻᠲ᠋ᠴᠢᠯᠠᠭᠰᠠᠨ ᠬᠡᠮᠵᠢᠭᠡ ᠨᠡᠩ ᠪᠠᠭ᠎ᠠ 10−33 ᠼᠧᠨᠲ᠋ᠢᠮᠧᠲ᠋ᠧᠷ ᠲᠤᠯᠠ ᠲᠤᠷᠰᠢᠯᠲᠠ ᠪᠠᠷ ᠠᠵᠢᠭᠯᠠᠬᠤ ᠪᠣᠯᠤᠮᠵᠢ ᠦᠭᠡᠢ ᠶᠤᠮ᠃ ᠴᠢᠪᠬᠠᠳᠠᠰᠤ ᠶᠢᠨ ᠰᠫᠧᠻᠲ᠋ᠷ ᠦᠨ ᠪᠦᠷᠢᠳᠡᠭᠦᠯᠦᠭᠴᠢ ᠬᠡᠰᠡᠭ ᠦᠳ ᠬᠥᠭᠵᠢᠮ ᠦᠨ ᠵᠡᠮᠰᠡᠭ ᠦᠨ ᠴᠢᠪᠬᠠᠳᠠᠰᠤ ᠶᠢᠨ ᠬᠡᠯᠪᠡᠯᠵᠡᠯ ᠦᠨ ᠠᠳᠠᠯᠢ ᠵᠥᠪᠬᠡᠨ ᠲᠣᠳᠣᠷᠬᠠᠢ ᠦᠶᠡᠯᠵᠡᠯ ᠦᠳ ᠢ (ᠻᠸᠠᠨ᠋ᠲ ᠠᠮᠫᠯᠢᠲ᠋ᠦ᠋ᠳ᠋) ᠯᠡ ᠠᠪᠬᠤ ᠪᠣᠯᠤᠮᠵᠢᠲᠠᠢ᠃ ᠦᠶᠡᠯᠵᠡᠯ ᠥᠨᠳᠦᠷ ᠲᠤᠰᠠᠮ ᠢᠢᠮᠦ ᠬᠡᠯᠪᠡᠯᠵᠡᠯ ᠳᠦ ᠨᠢᠭᠲᠠᠷᠠᠭᠰᠠᠨ ᠧᠨᠧᠷᠭᠢ ᠶᠡᠬᠡ ᠪᠠᠢᠬᠤ ᠪᠠ E→mc² ᠲᠡᠭᠰᠢᠳᠬᠡᠯ ᠦᠨ ᠳᠠᠭᠠᠭᠤ ᠲᠤᠬᠠᠢ ᠢᠢᠨ ᠪᠦᠭᠡᠮ ᠦᠨ ᠮᠠᠰᠰ ᠲᠦᠳᠡᠢ ᠴᠢᠨᠡᠭᠡ ᠶᠡᠬᠡ ᠪᠠᠢᠨ᠎ᠠ᠃ ᠢᠢᠨᠬᠦᠦ ᠡᠭᠡᠯ ᠪᠦᠭᠡᠮ ᠨᠢ ᠴᠢᠪᠬᠠᠳᠠᠰᠤ ᠢᠢᠨ ᠭᠠᠳᠠᠭᠠᠳᠤ ᠢᠯᠡᠷᠡᠯ ᠶᠤᠮ᠃
1. ᠪᠣᠳᠠᠰᠤ ᠶᠢᠨ ᠲᠦᠪᠰᠢᠨ
2.ᠮᠣᠯᠧᠻᠦ᠋ᠯᠠᠷ ᠲᠦᠪᠰᠢᠨ
3. ᠠᠲᠣᠮ ᠤᠨ ᠲᠦᠪᠰᠢᠨ
4. ᠡᠭᠡᠯ ᠪᠦᠬᠡᠮᠰ ᠦᠨ ᠲᠦᠪᠰᠢᠨ
5. ᠻᠸᠠᠷᠻ ᠤᠨ ᠲᠦᠪᠰᠢᠨ
6. ᠴᠢᠪᠬᠠᠳᠠᠰᠤ ᠢᠢᠨ ᠲᠦᠪᠰᠢᠨ
ᠲᠦᠯᠬᠢᠭᠦᠷ ᠦᠭᠡᠰ
String Theory
утасны онол
чавхдасын онол
эгэл бөөмс