ᠴᠢᠴᠠᠷᠭᠠᠨ᠌ᠠ᠋

Wikibilig-с
23:14, 1 Долоодугаар сар 2020-ий байдлаарх Пүрэвбадрал (яриа | оруулсан хувь нэмэр) хэрэглэгчийн хийсэн залруулга

ᠴᠢᠴᠠᠷᠭᠠᠨ᠎ᠠ

ᠴᠢᠴᠠᠷᠭᠠᠨ᠎ᠠ

ᠴᠢᠴᠠᠷᠭᠠᠨ᠎ᠠ ᠪᠣᠯ ᠧᠦ᠋ᠷᠣᠫᠠ ᠂ ᠠᠽᠢᠶ᠎ᠠ ᠶ᠋ᠢᠨ ᠰᠡᠷᠢᠭᠦᠨ ᠪᠦᠰᠡ ᠳ᠋ᠦ᠍ ᠤᠷᠭᠤᠳᠠᠭ ᠂ ᠵᠢᠭᠳᠡᠳᠡᠨ ᠤᠪᠤᠬ ‍ᠤᠨ ᠦᠷᠭᠡᠰᠦᠳᠦ ᠤᠷᠭᠤᠮᠠᠯ ᠠᠮᠤᠢ ᠃ ᠴᠢᠴᠠᠷᠭᠠᠨ᠎ᠠ ‍ᠢᠢ ᠬᠤᠭᠤᠯᠠ ᠂ ᠭᠤᠤ᠎ᠠ ᠰᠠᠶ᠋ᠢᠬᠠᠨ ‍ᠤ ᠪᠦᠲᠦᠭᠡᠭᠳᠡᠬᠦᠨ ᠬᠢᠬᠦ ‍ᠳᠦ ᠠᠰᠢᠭᠯᠠᠬᠤ ᠬᠢᠭᠡᠳ ᠂ ᠤᠯᠠᠮᠵᠢᠯᠠᠯᠲᠤ ᠠᠨᠠᠭᠠᠬᠤ ᠤᠬᠠᠭᠠᠨ ‍ᠳᠤ ᠂ ᠮᠠᠯ ‍ᠤᠨ ᠲᠡᠵᠢᠭᠡᠯ ᠬᠢᠬᠦ ‍ᠳᠦ ᠂ ᠡᠺᠣᠯᠣᠭ ‍ᠤᠨ ᠵᠣᠷᠢᠭᠤᠯᠠᠯᠲᠠ ᠪᠠᠷ ᠠᠰᠢᠭᠯᠠᠨ᠎ᠠ ᠃

ᠲᠠᠶ᠋ᠢᠯᠠᠪᠤᠷᠢ ᠪᠠ ᠪᠢᠤᠯᠤᠭᠢ

ᠴᠢᠴᠠᠷᠭᠠᠨ᠎ᠠ ‍ᠢᠢᠨ
ᠨᠠᠪᠴᠢ ᠂
ᠦᠷᠭᠡᠰᠦᠨ ᠂
ᠵᠢᠮᠢᠰ

ᠦᠷᠭᠡᠰᠦᠳᠦ ᠴᠢᠴᠠᠷᠭᠠᠨ᠎ᠠ (Hippophae rhamnoides)ᠲᠡᠭᠡᠰᠢ 2-4 ᠮᠧᠲ᠋ᠧᠷ ᠤᠷᠭᠤᠳᠠᠭ ᠂ ᠵᠤᠯᠭᠠᠷᠮᠠᠯ ᠨᠠᠪᠴᠢᠳᠠᠢ ᠂ ᠮᠦᠩᠬᠡ ᠨᠤᠭᠤᠭᠠᠨ ᠤᠷᠭᠤᠮᠠᠯ ᠪᠤᠢ ᠃ ᠬᠠᠳᠠᠭᠤ ᠂ ᠬᠠᠷ᠎ᠠ ᠬᠦᠷᠡᠩ ᠬᠣᠯᠲᠤᠰᠤ ᠲᠠᠢ ᠂ ᠰᠠᠷᠠᠯ ᠨᠣᠭᠤᠭᠠᠨ ᠲᠢᠲᠢᠮ ᠲᠡᠢ ᠃ ᠣᠯᠠᠨ ᠨᠠᠰᠤᠲᠤ ᠂ ᠨᠠᠪᠴᠢ ᠨᠠᠷᠢᠨ ᠂ ᠱᠣᠪᠬᠤ ᠃ ᠴᠢᠴᠠᠷᠭᠠᠨ᠎ᠠ ᠨᠢ ᠰᠠᠯᠠᠩᠭᠢ ᠪᠡᠯᠭᠡᠲᠤ ᠂ ᠡᠮ᠎ᠡ ᠂ ᠡᠷ᠎ᠡ ᠬᠦᠢᠰᠦ ᠣᠨᠳᠤᠤ ᠮᠤᠳᠤᠨ᠎ᠠ ᠣᠷᠤᠰᠢᠨ᠎ᠠ ᠃ ᠮᠤᠳᠤᠨ ‍ᠣ ᠬᠦᠢᠰᠦ ᠴᠡᠴᠡᠭᠯᠡᠬᠦ ‍ᠳᠦ ᠯᠠ ᠮᠡᠳᠡᠭᠳᠡᠨ᠎ᠡ ᠃ ᠡᠷ᠎ᠡ ᠮᠤᠳᠤᠨ ‍ᠣ ᠪᠠᠭ ᠴᠡᠴᠡᠭ 4-6 ᠰᠢᠷᠬᠡᠭ ᠴᠣᠮᠣᠷᠯᠢᠭ ᠦᠭᠡᠢ ᠴᠡᠴᠡᠭ ᠲᠡᠢ ᠂ ᠬᠠᠷᠢᠨ ᠡᠮ᠎ᠡ ᠮᠤᠳᠤᠨ ‍ᠤ ᠪᠠᠭ ᠴᠡᠴᠡᠭ ᠶᠡᠬᠡᠪᠴᠢᠯᠡᠨ ᠨᠢᠭᠡᠨ ᠴᠣᠮᠣᠷᠯᠢᠭ ᠦᠭᠡᠢ ᠂ ᠨᠢᠭᠡᠨ ᠦᠷ᠎ᠡ ‍ᠢᠢᠨ ᠣᠷᠣᠨ ᠂ ᠨᠢᠭᠡᠨ ᠦᠷ᠎ᠡ ᠪᠣᠯᠪᠠᠰᠤᠷᠠᠬᠤ ᠣᠷᠣᠨ ᠲᠠᠢ ᠴᠡᠴᠡᠭ ᠲᠡᠢ ᠃ ᠦᠷ᠎ᠡ ᠲᠣᠭᠲᠠᠯᠲᠠ ᠭᠣᠣᠯ ᠲᠦᠯᠦᠪ ᠰᠠᠯᠬᠢ ‍ᠢᠢᠠᠷ ᠶᠠᠪᠤᠳᠠᠭ ᠤᠴᠢᠷ ᠤᠷᠭᠤᠴᠠ ᠬᠤᠷᠢᠶᠠᠬᠤ ‍ᠢᠢᠨ ᠲᠤᠯᠠ ‍ᠳᠤ ᠡᠮ᠎ᠡ ᠡᠷ᠎ᠡ ᠮᠤᠳᠤᠨ ᠣᠶ᠋ᠢᠷ᠎ᠠ ᠪᠠᠶᠢᠬᠤ ᠶᠣᠰᠤᠲᠠᠢ ᠃
ᠵᠤᠤᠪᠠᠩ ᠂ ᠦᠯᠦ ᠶᠠᠯᠢᠭ ᠪᠦᠭᠡᠷᠡᠩᠬᠡᠢ ᠬᠡᠯᠪᠡᠷᠢᠲᠡᠢ ᠂ ᠴᠠᠶ᠋ᠢᠪᠤᠷᠢ ᠰᠢᠷ᠎ᠠ ᠠᠴᠠ ᠪᠠᠷᠠᠭᠠᠨ ᠤᠯᠠᠪᠤᠷ ᠦᠩᠭᠡ ᠲᠡᠢ ᠪᠤᠢ ᠃ ᠨᠢᠭᠡᠨ ᠵᠢᠮᠢᠰ 270-480 ᠮᠢᠯᠯᠢᠭᠷᠠᠮᠮ ᠵᠢᠩ ᠲᠡᠢ ᠂ C,EB12 ᠠᠮᠢᠨ ᠳᠡᠮ ‍ᠢᠢᠠᠷ ᠶᠡᠬᠡ ᠪᠠᠶᠠᠯᠢᠬ ᠂ ᠪᠠᠰᠠ ᠺᠠᠷᠣᠲᠡᠨᠣᠶ᠋ᠢᠳ ᠂ ᠹᠯᠠᠸᠣᠨᠣᠶ᠋ᠢᠳ ‍ᠢᠢ ᠶᠡᠬᠡ ᠬᠡᠮᠵᠢᠶ᠎ᠡ ᠪᠡᠷ ᠠᠭᠤᠯᠤᠨ᠎ᠠ ᠃