ᠬᠢᠶᠠᠭᠲᠤ ᠢᠢᠨ ᠭᠡᠷ ᠡ᠋᠂ ᠋1915
ᠬᠢᠶᠠᠭᠲᠤ ᠢᠢᠨ ᠭᠡᠷ ᠡ᠋
1915 ᠣᠨ ᠤ ᠬᠢᠶᠠᠭᠲᠤ ᠢᠢᠨ ᠭᠤᠷᠪᠠᠨ ᠤᠯᠤᠰ ᠤᠨ ᠭᠡᠷ ᠡ᠋ ᠨᠢ ᠻᠣᠯᠣᠨᠤᠴᠢᠯᠠᠯ ᠢᠳᠡ ᠨᠣᠶᠠᠷᠬᠠᠵᠦ ᠪᠠᠢᠭᠰᠠᠨ ᠴᠠᠭ ᠦᠶ ᠡ᠋ ᠳᠦ ᠶᠡᠬᠡ ᠭᠦᠷᠦᠨ ᠨᠦᠭᠦᠳ ᠪᠠᠭᠠ᠋ ᠪᠠᠭᠤᠷᠠᠢ ᠣᠷᠣᠨ ᠠ᠋ ᠦᠪᠡᠷ ᠢᠢᠨ ᠬᠦᠰᠡᠯ ᠡᠷᠡᠮᠡᠯᠵᠡᠯ ᠢ ᠲᠤᠯᠬᠭᠠᠨ ᠬᠦᠯᠢᠶᠡᠯᠭᠡᠳᠡᠭ ᠡᠷᠬᠡ ᠲᠡᠭᠰᠢ ᠪᠤᠰᠤ ᠵᠠᠷᠴᠢᠮ ᠦᠢᠯᠡᠴᠢᠯᠡᠵᠦ ᠪᠠᠢᠬᠤ ᠳ᠋ᠤ ᠬᠢᠭᠳᠡᠭᠰᠡᠨ᠃ ᠬᠢᠶᠠᠭᠲᠤ ᠢᠢᠨ ᠭᠡᠷ ᠡ᠋ ᠡᠴᠡ ᠡᠮᠦᠨᠡ᠋᠂ 1913 ᠣᠨ ᠳᠤ ᠣᠷᠣᠰ᠂ ᠬᠢᠲᠠᠳ ᠬᠣᠶᠠᠷ ᠮᠣᠩᠭᠤᠯ ᠤᠨ ᠠᠰᠠᠭᠤᠳᠠᠯ ᠢᠢᠠᠷ ᠲᠤᠰᠬᠠᠢ ᠭᠡᠷ ᠡ᠋ ᠪᠠᠢᠭᠤᠯᠤᠭᠠᠳ ᠪᠠᠢᠪᠠ᠃ ᠲᠡᠷᠡᠬᠦ ᠭᠡᠷ ᠡ᠋ ᠪᠡᠷ ᠮᠣᠩᠭᠤᠯ ᠬᠢᠲᠠᠳ ᠤᠨ ᠡᠵᠡᠨ ᠡᠷᠬᠡ ᠢᠢᠨ ᠳᠣᠣᠷ ᠠ᠋ ᠣᠷᠤᠰᠢᠬᠣ ᠦᠪᠡᠷ ᠲᠡᠭᠡᠨ ᠵᠠᠰᠠᠬᠤ ᠡᠷᠬᠡᠲᠦ ᠤᠯᠤᠰ ᠪᠠᠢᠬᠤ ᠪᠠᠷ ᠲᠣᠭᠲᠠᠵᠤᠬᠤᠢ᠃ ᠭᠤᠷᠪᠠᠨ ᠤᠯᠤᠰ ᠤᠨ ᠬᠡᠯᠡᠯᠴᠡᠭᠡᠷ ᠶ᠋ᠢᠡᠷ ᠬᠣᠶᠠᠷ ᠲᠠᠯ᠎ᠠ᠋ ᠡᠭᠦᠨ ᠢᠢᠡᠨ ᠮᠣᠩᠭᠤᠯ ᠤᠨ ᠲᠠᠯ᠎ᠠ᠋ ᠳᠦ ᠲᠤᠯᠬᠭᠠᠨ ᠬᠦᠯᠢᠶᠡᠯᠭᠡᠬᠦ ᠢᠢ ᠭᠣᠣᠯ ᠵᠣᠷᠢᠯᠭᠠ᠋ ᠪᠣᠯᠭᠠᠭᠰᠠᠨ ᠪᠢᠯᠡ᠃
ᠭᠡᠷ ᠡ᠋ ᠢᠢ ᠬᠡᠯᠡᠯᠴᠡᠬᠦ ᠶᠠᠪᠤᠴᠠ ᠠ᠋ ᠭᠤᠷᠪᠠᠨ ᠲᠠᠯ᠎ᠠ᠋ ᠤᠪᠡᠷ ᠤᠪᠡᠷᠰᠡᠳ ᠦᠨ ᠪᠠᠢᠷᠢ ᠰᠠᠭᠤᠷᠢ ᠢᠢ ᠬᠠᠲᠠᠭᠤ ᠪᠠᠷᠢᠮᠲᠠᠯᠠᠵᠤ᠂ ᠰᠠᠨᠠᠯ ᠶᠡᠬᠡᠬᠡᠨ ᠵᠦᠷᠢᠵᠦ ᠪᠠᠢᠪᠠ᠃ ᠲᠡᠢᠮᠦ ᠡᠴᠡ ᠬᠢᠶᠠᠭᠲᠤ ᠢᠢᠨ ᠬᠡᠯᠡᠯᠴᠡᠭᠡᠷ 1914.08.26 ᠡᠴᠡ 1915.05.25 ᠬᠦᠷᠲᠡᠯᠡ᠋ ᠪᠦᠲᠦᠨ ᠶᠢᠰᠦᠨ ᠰᠠᠷ ᠠ᠋ ᠰᠤᠨᠵᠢᠷᠠᠨ ᠦᠷᠭᠦᠯᠵᠢᠯᠡᠵᠦᠬᠦᠢ᠃
ᠮᠣᠩᠭᠤᠯ᠄
᠆ ᠲᠤᠰᠠᠭᠠᠷ ᠲᠣᠭᠲᠠᠨᠢᠯ ᠢᠢᠠᠨ ᠪᠠᠲᠤᠯᠠᠭᠠᠵᠢᠭᠤᠯᠬᠤ᠂ ᠮᠣᠩᠭᠤᠯ ᠤᠯᠤᠰ ᠳᠤ ᠨᠢᠭᠡᠳᠬᠦ ᠢᠢ ᠪᠡᠨ ᠢᠯᠡᠷᠬᠡᠢᠢᠯᠡᠡᠭᠰᠡᠨ ᠪᠤᠰᠤᠳ ᠮᠣᠩᠭᠤᠯᠴᠤᠳ ᠢᠢᠠᠨ ᠦᠪᠡᠷ ᠲᠡᠭᠡᠨ ᠨᠢᠭᠡᠳᠬᠡᠨ ᠠᠪᠤᠬᠤ ᠢᠢ ᠵᠣᠷᠢᠵᠤ ᠪᠠᠢᠪᠠ᠃
ᠬᠢᠲᠠᠳ ᠤᠯᠤᠰ᠄
᠆ ᠮᠣᠩᠭᠤᠯ ᠤᠯᠤᠰ ᠢᠢᠠᠷ ᠤᠪᠡᠷ ᠢᠢᠡᠷ ᠨᠢ ᠲᠤᠰᠠᠭᠠᠷ ᠲᠣᠭᠲᠠᠨᠢᠯ ᠢ ᠨᠢ ᠬᠦᠴᠦᠨ ᠦᠭᠡᠢ ᠪᠣᠯᠭᠠᠭᠤᠯᠬᠤ᠂ ᠠᠷᠤ᠂ ᠦᠪᠦᠷ ᠮᠣᠩᠭᠤᠯ ᠢ ᠦᠪᠡᠷ ᠢᠢᠨ ᠮᠤᠵᠢ ᠪᠠᠨ ᠪᠣᠯᠭᠠᠬᠤ᠂ ᠣᠯᠠᠨ ᠊ᠠ᠋ ᠡᠷᠭᠦᠭᠳᠡᠭᠰᠡᠨ ᠣᠨ ᠤ ᠴᠣᠯᠠ᠂ ᠬᠠᠭᠠᠨ ᠭᠡᠳᠡᠭ ᠴᠣᠯᠠ ᠢᠢ ᠬᠡᠷᠡᠭᠯᠡᠬᠦ ᠦᠭᠡᠢ ᠪᠣᠯᠭᠠᠬᠤ ᠢᠢ ᠵᠣᠷᠢᠪᠠᠢ᠃
ᠣᠷᠣᠰ ᠣᠰᠣᠯ᠄
᠆ ᠠᠷᠤ ᠮᠣᠩᠭᠤᠯ ᠠ᠋ ᠬᠢᠲᠠᠳ ᠤᠨ ᠡᠵᠡᠷᠷᠬᠡᠢᠢᠯᠡᠯ ᠢ ᠶᠣᠰᠣ ᠳᠡᠳᠦᠢ ᠲᠣᠭᠲᠠᠭᠠᠵᠤ᠂ 1912 ᠣᠨ ᠳᠤ ᠮᠣᠩᠭᠤᠯ ᠲᠠᠢ ᠬᠢᠭᠰᠡᠨ ᠭᠡᠷ ᠡ᠋ ᠪᠡᠷ ᠣᠯᠵᠤ ᠠᠪᠤᠭᠰᠠᠨ ᠤᠯᠤᠰ ᠲᠦᠷᠦ᠂ ᠡᠳ᠋ ᠦᠨ ᠵᠠᠰᠠᠭ ᠦᠨ ᠪᠠᠢᠷᠢ ᠰᠠᠭᠤᠷᠢ ᠪᠠᠨ ᠠᠯᠳᠠᠬᠤ ᠦᠭᠡᠢ ᠪᠠᠢᠬᠤ ᠢᠢ ᠡᠷᠡᠮᠡᠯᠵᠡᠵᠡᠢ᠃
ᠭᠤᠷᠪᠠᠨ ᠤᠯᠤᠰ ᠤᠨ ᠭᠡᠷ ᠡ᠋ ᠪᠡᠷ ᠮᠣᠩᠭᠤᠯ ᠤᠯᠤᠰ ᠤᠨ ᠲᠤᠰᠠᠭᠠᠷ ᠲᠣᠭᠲᠠᠨᠢᠯ᠂ ᠪᠢᠶ ᠡ᠋ ᠳᠠᠭᠠᠭᠠᠭᠰᠠᠨ ᠪᠠᠢᠳᠠᠯ ᠢ ᠬᠢᠵᠠᠭᠠᠷᠯᠠᠵᠤ᠂ 〔〔ᠦᠪᠡᠷᠲᠡᠭᠡᠨ ᠡᠵᠡᠷᠬᠡᠬᠦ ᠡᠷᠬᠡ ᠭᠠᠳᠠᠭᠠᠳᠤ ᠮᠣᠩᠭᠤᠯ〕〕 ᠤᠨ ᠬᠢᠯᠢ ᠢᠢ ᠵᠦᠪᠬᠡᠨ ᠬᠠᠯᠬᠠ᠋ ᠳᠦᠷᠪᠡᠨ ᠠᠢᠮᠠᠭ᠂ ᠬᠣᠪᠲᠤ ᠢᠢᠨ ᠬᠢᠵᠠᠭᠠᠷ ᠢᠢᠠᠷ ᠵᠠᠭᠠᠭᠯᠠᠵᠤ᠂ ᠮᠣᠩᠭᠤᠯᠴᠤᠳ ᠨᠢᠭᠡᠳᠦᠮᠡᠯ ᠨᠢᠭᠡ ᠤᠯᠤᠰ ᠪᠣᠯᠬᠤ ᠦᠢᠯᠡ ᠬᠡᠷᠡᠭ ᠢ ᠬᠦᠴᠦ ᠪᠡᠷ ᠲᠠᠰᠤᠯᠵᠡᠢ᠃ ᠢᠩᠭᠡᠭᠰᠡᠨ ᠢᠢᠡᠷ ᠠᠷᠤ᠂ ᠦᠪᠦᠷ ᠵᠡᠷᠭᠡ ᠮᠣᠩᠭᠤᠯ ᠰᠠᠯᠠᠩᠭᠢ ᠲᠤᠰᠠᠭᠠᠷ ᠣᠷᠣᠰᠢᠬᠣ ᠳᠤ ᠬᠦᠷᠴᠡᠢ᠃ ᠮᠦᠨ ᠭᠡᠷ ᠡ᠋ ᠳᠦ ᠭᠠᠳᠠᠭᠠᠳᠤ ᠮᠣᠩᠭᠤᠯ ᠤᠨ ᠬᠢᠯᠢ ᠬᠢᠵᠠᠭᠠᠷ ᠢ ᠶᠡᠷᠦᠩᠬᠡᠢ ᠳᠡᠭᠡᠨ ᠬᠠᠮᠢᠭᠠ᠋ ᠡᠴᠡ ᠬᠠᠮᠢᠭᠠ᠋ ᠬᠦᠷᠬᠦ ᠢᠢ ᠲᠣᠭᠤᠷᠬᠠᠢᠯᠠᠭᠠᠳ᠂ ᠭᠠᠷ ᠤᠨ ᠦᠰᠦᠭ ᠵᠢᠷᠤᠭᠰᠠᠨ ᠡᠴᠡ ᠬᠣᠢᠰᠢ ᠬᠣᠶᠠᠷ ᠵᠢᠯ ᠦᠨ ᠳᠣᠲᠤᠷ ᠠ᠋ ᠭᠤᠷᠪᠠᠨ ᠲᠠᠯ᠎ᠠ᠋ ᠢᠢᠨ ᠲᠦᠯᠦᠭᠡᠯᠡᠭᠴᠢᠳ ᠣᠷᠤᠯᠴᠠᠭᠰᠠᠨ ᠲᠤᠰᠬᠠᠢ ᠻᠣᠮᠢᠰᠰ ᠨᠠᠷᠢᠪᠴᠢᠯᠠᠨ ᠲᠣᠳᠤᠳᠭᠠᠬᠤ ᠪᠠᠷ ᠲᠣᠭᠲᠠᠭᠠᠵᠡᠢ᠃ ᠡᠨᠡ ᠵᠢᠭᠠᠯᠲᠠ ᠬᠡᠷᠡᠭᠵᠢᠯ ᠦᠭᠡᠢ ᠶᠠᠪᠤᠭᠰᠠᠭᠠᠷ 1945 ᠣᠨ ᠳᠤ ᠵᠦᠪᠯᠡᠯᠲᠦ ᠬᠣᠯᠪᠤᠭᠠᠲᠤ ᠤᠯᠤᠰ᠂ ᠠᠮᠧᠷᠢᠻ ᠊ᠤᠨ ᠨᠢᠭᠡᠳᠦᠭᠰᠡᠨ ᠤᠯᠤᠰ᠂ ᠶᠡᠬᠡ ᠪᠷᠢᠲᠠᠨ ᠭᠤᠷᠪᠠᠨ ᠶᠡᠬᠡ ᠭᠦᠷᠦᠨ ᠦ ᠤᠳᠠᠷᠢᠳᠤᠭᠴᠢᠳ ᠤᠨ ᠶᠠᠯᠲ᠋ᠠ ᠢᠢᠨ ᠪᠠᠭᠠ᠋ ᠬᠤᠷᠠᠯ ᠳᠡᠭᠡᠷ ᠡ᠋ ᠳᠠᠢᠨ ᠤ ᠳᠠᠷᠠᠭᠠ᠋ ᠭᠠᠳᠠᠭᠠᠳᠤ ᠮᠣᠩᠭᠤᠯ ᠤᠨ ᠪᠠᠢᠷᠢ ᠰᠠᠭᠤᠷᠢ ᠢᠢ ᠣᠳᠤ ᠠ᠋ ᠢᠢᠨ ᠪᠠᠢᠭᠠ᠋ ᠬᠢᠯᠢ ᠪᠡᠷ ᠲᠣᠭᠳᠠᠭᠠᠬᠤ ᠰᠢᠢᠳᠪᠦᠷᠢ ᠭᠠᠷᠭᠠᠭᠰᠠᠨ ᠪᠠᠢᠨᠠ᠋᠃
ᠲᠦᠯᠬᠢᠭᠦᠷ ᠦᠭᠡᠰ
Хиагтын гэрээ
хэлэлцээр
Гурван гүрний хэлэлцээр
Ялтын гэрээ
Ялтинская (Крымская) конференция союзных держав
Кяхтинский договор