ᠳᠤᠯᠮ ᠊ᠠ᠋᠂ ᠠᠶᠤᠷ ᠊ᠤᠨ

18:43, 15 Арваннэгдүгээр сар 2021-ий байдлаарх Ayurita (яриа | оруулсан хувь нэмэр) хэрэглэгчийн хийсэн залруулга

ᠠᠶᠤᠷ ‍ᠤᠨ ᠳᠤᠯᠮ᠎ᠠ


ᠠᠶᠤᠷ ‍ᠤᠨ ᠳᠤᠯᠮ᠎ᠠ
ᠠᠶᠤᠷ ‍ᠤᠨ
ᠳᠤᠯᠮ᠎ᠠ
ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1937 ᠣᠨ ‍ᠤ ᠰᠠᠷ ‍ᠠ᠋ ᠶ᠋ᠢᠨ
ᠲᠥᠷᠦᠭᠰᠡᠨ ᠭᠠᠴᠠᠷ
ᠬᠠᠷᠢᠶᠠᠯᠠᠯ ᠪᠥᠭᠥᠳᠡ ᠨᠠᠢᠢᠷᠠᠮᠳᠠᠬᠣ ᠮᠣᠩᠭᠣᠯ ᠠᠷᠠᠳ ᠤᠯᠤᠰ
ᠮᠣᠩᠭᠤᠯ ᠤᠯᠤᠰ
ᠢᠳᠡᠪᠬᠢ ᠲᠡᠢ ᠣᠨ ᠵᠢᠯ ‍ᠥᠳ
ᠰᠠᠯᠪᠣᠷᠢ ᠪᠢᠣᠯᠣᠭᠢ᠂ ᠢᠻᠲᠶᠣᠯᠣᠭᠢ
ᠪᠣᠯᠪᠠᠰᠣᠷᠠᠯ ᠰᠦᠬᠡᠪᠠᠭᠠᠲᠤᠷ ‍ᠤᠨ ᠨᠡᠷᠡᠮᠵᠢᠲᠦ 6 ᠳ᠋ᠤᠭᠠᠷ ᠰᠤᠷᠭᠠᠭᠤᠯᠢ ‍ᠢᠢᠨ 6 ‍ᠳᠤᠭᠠᠷ ᠠᠩᠭᠢ ᠡᠴᠡ ᠮᠣᠩᠭᠤᠯ ᠤᠯᠤᠰ ‍ᠤᠨ ᠶᠡᠬᠡ ᠰᠤᠷᠭᠠᠭᠤᠯᠢ ‍ᠳᠤ ᠡᠯᠰᠡᠵᠦ 1956 ᠣᠨ ᠳ᠋ᠤ ᠲᠡᠭᠦᠰᠬᠡᠭᠰᠡᠨ
ᠪᠠᠢᠢᠭᠣᠯᠠᠯᠭ᠍ᠠ᠋ ᠰᠢᠨᠵᠢᠯᠡᠬᠦ ᠤᠬᠠᠭᠠᠨ ‍ᠦ ᠠᠻᠠᠳᠧᠮᠢ ᠶ᠋ᠢᠨ ᠪᠢᠣᠯᠣᠭᠢ ᠶ᠋ᠢᠨ ᠬᠦᠷᠢᠶᠡᠯᠡᠩ ᠦ᠋ᠨ ᠵᠢᠭᠠᠰᠤ ᠦᠷᠡᠵᠢᠭᠦᠯᠭᠡ ‍ᠢᠢᠨ ᠡᠷᠳᠡᠮ ᠰᠢᠨᠵᠢᠯᠡᠭᠡᠨ ‍ᠦ ᠲᠥᠪ ‍ᠦᠨ ᠵᠠᠬᠢᠷᠠᠯ᠂ ᠡᠷᠳᠡᠮ ᠰᠢᠨᠵᠢᠯᠡᠭᠡᠨ ‍ᠦ ᠠᠵᠢᠯᠲᠠᠨ
ᠬᠣᠪᠢ ᠨᠡᠮᠡᠷᠢ
ᠵᠡᠷᠭᠡ/ᠴᠣᠯ ᠠᠻᠠᠳᠧᠮᠢᠴᠢ᠂ ᠫᠷᠣᠹᠧᠰᠰᠣᠷ᠂ ᠳ᠋ᠣᠻᠲᠣᠷ
ᠱᠠᠩᠨᠠᠯ ᠰᠢᠨᠵᠢᠯᠡᠬᠦ ᠤᠬᠠᠭᠠᠨ ‍ᠤ ᠭᠠᠪᠢᠶᠠᠲᠤ ᠠᠵᠢᠯᠲᠠᠨ




ᠨᠠᠮᠲᠠᠷ




ᠦᠢᠯᠡ ᠬᠡᠷᠡᠭ


align: top
ᠠᠻᠠᠳᠧᠮᠢᠴᠢ ᠠ᠊᠂ ᠳᠤᠯᠮ᠎ᠠ ‍ᠢᠢᠨ 1978 ᠣᠨ ᠳ᠋ᠤ ᠵᠢᠭᠠᠰᠤᠵᠢᠭᠤᠯᠤᠬᠰᠠᠨ ᠥᠪᠦᠷᠬᠠᠩᠭᠠᠶ ᠠᠢᠢᠮᠠᠭ ‍ᠤᠨ ᠤᠶᠠᠩᠭ᠎ᠠ ᠰᠤᠮᠤ ‍ᠢᠢᠨ ᠨᠤᠲᠤᠭ ᠳ᠋ᠠᠬᠢ ᠬᠦᠢᠰᠦ ‍ᠢᠢᠨ ᠨᠠᠢᠮᠠᠨ ᠨᠠᠭᠤᠷ


ᠠᠶᠤᠷ ‍ᠤᠨ ᠳᠤᠯᠮ᠎ᠠ ᠮᠣᠩᠭᠤᠯ ᠤᠯᠤᠰ ‍ᠤᠨ ᠶᠡᠬᠡ ᠰᠤᠷᠭᠠᠭᠤᠯᠢ ‍ᠢᠢ 1956 ᠣᠨ ᠋ᠳ᠋ᠤ ᠲᠡᠭᠦᠰᠬᠡᠭᠡᠳ ᠤᠯᠤᠰ ‍ᠤᠨ ᠪᠠᠭᠰᠢ ‍ᠢᠢᠨ ᠳᠡᠭᠡᠳᠦ ᠰᠤᠷᠭᠠᠭᠤᠯᠢ ᠳ᠋ᠤ 2 ᠵᠢᠯ ᠪᠠᠭᠰᠢᠯᠠᠭᠰᠠᠨ ᠪᠠᠢᠢᠨ᠎ᠠ᠃

ᠠᠰᠫᠢᠷᠠᠨ᠍ᠲ᠋ᠤᠷ ᠲᠤ ᠰᠤᠷᠠᠯᠴᠠᠵᠤ ᠢᠷᠡᠭᠰᠡᠨ ‍ᠦ ᠳᠠᠷᠠᠭ᠎ᠠ ᠰᠢᠨᠵᠢᠯᠡᠬᠦ ᠤᠬᠠᠭᠠᠨ ‍ᠤ ᠠᠻᠠᠳᠧᠮᠢ ‍ᠢᠢᠨ ᠪᠢᠣᠯᠣᠭᠢ ‍ᠢᠢᠨ ᠬᠦᠷᠢᠶᠡᠯᠡᠩ ᠳ᠋ᠦ ᠠᠵᠢᠯᠯᠠᠵᠤ ᠡᠬᠢᠯᠡᠵᠡᠶ᠃

ᠡᠭᠦᠨ ‍ᠦ ᠬᠠᠵᠢᠭᠤ ᠪᠠᠷ ᠨᠡᠢᠢᠲᠦ 25 ᠵᠢᠯ ᠪᠠᠭᠰᠢᠯᠠᠭᠰᠠᠨ ᠪᠠᠢᠢᠨ᠎ᠠ᠃

ᠳ᠋ᠣᠻᠲ᠋ᠣᠷ ᠠ᠊᠂ ᠳᠤᠯᠮ᠎ᠠ ᠠᠩᠬ ‍ᠠ᠋ 1958 ᠣᠨ ᠳ᠋ᠤ ᠪᠠᠢᠢᠭᠠᠯ ᠨᠠᠭᠤᠷ ‍ᠤᠨ ᠵᠢᠭᠠᠰᠤ ᠦᠷᠡᠵᠢᠭᠦᠯᠬᠦ ᠦᠢᠯᠡᠳᠪᠦᠷᠢ ᠡᠴᠡ Coregonus migratorius (ᠣᠮᠤᠯ) ᠵᠢᠭᠠᠰᠤᠨ ‍ᠤ 14 ᠰᠠᠶ᠎ᠠ ᠠᠪᠠᠭᠠᠯᠳᠠᠶ ᠠᠪᠴᠢᠷᠠᠵᠤ ᠬᠥᠪᠰᠦᠭᠦᠯ ᠨᠠᠭᠤᠷ ᠲᠤ ᠨᠤᠲᠤᠭᠰᠢᠭᠤᠯᠵᠡᠶ᠃[1]

ᠮᠣᠩᠭᠤᠯ ᠣᠷᠤᠨ ‍ᠳᠤ ᠴᠥᠭᠦᠷᠦᠮ ‍ᠦᠨ ᠠᠵᠤ ᠠᠬᠤᠶ ᠪᠠᠢᠢᠭᠤᠯᠬᠤ ᠰᠤᠳᠤᠯᠭ᠎ᠠ 1966 ᠣᠨ ᠡᠴᠡ ᠡᠬᠢᠯᠡᠭᠰᠡᠨ᠃

ᠡᠷᠡᠰ ᠲᠡᠰ ᠠᠭᠤᠷ ᠠᠮᠢᠰᠬᠤᠯ ᠲᠠᠶ ᠮᠣᠩᠭᠤᠯ ᠣᠷᠤᠨ ‍ᠤ ᠨᠥᠬᠦᠴᠡᠯ ‍ᠳᠦ 5 ᠮᠧᠲ᠋ᠧᠷ ᠡᠴᠡ ᠢᠯᠡᠭᠦᠦ ᠭᠦᠨ ᠲᠡᠶ ᠴᠥᠭᠦᠷᠦᠮ ‍ᠳᠦ ᠯᠡ ᠵᠢᠭᠠᠰᠤ ᠦᠷᠡᠵᠢᠭᠦᠯᠵᠦ ᠪᠣᠯᠤᠨ᠎ᠠ᠃

ᠲᠡᠢᠢᠮᠦ ᠴᠥᠭᠦᠷᠦᠮ ᠪᠠᠢᠢᠭᠤᠯᠬᠤ ᠠᠨᠤ ᠥᠷᠲᠡᠭ ᠥᠨᠳᠦᠷ ᠲᠡᠶ᠃

ᠳ᠋ᠣᠻᠲ᠋ᠣᠷ ᠠ᠊᠂ ᠳᠤᠯᠮ᠎ᠠ ᠬᠠᠷᠢᠨ ᠵᠢᠭᠠᠰᠤ ᠠᠮᠢᠳᠤᠷᠠᠬᠤ ᠲᠠᠭᠠᠲᠠᠢ ᠣᠷᠴᠢᠨ ᠬᠢᠭᠡᠳ ᠵᠢᠭᠠᠰᠤᠨ ‍ᠤ ᠲᠡᠵᠢᠭᠡᠯ ᠡᠯᠪᠡᠭ ᠲᠡᠢ ᠨᠠᠭᠤᠷ ‍ᠤᠳ ‍ᠢ ᠵᠢᠭᠠᠰᠤᠵᠢᠯᠭᠤᠯᠵᠤ ᠪᠣᠯᠤᠨ᠎ᠠ ᠭᠡᠵᠦ ᠦᠵᠡᠵᠦᠬᠦᠶ᠃

ᠡᠨᠡ ᠬᠦᠭᠢᠶᠡᠨ ᠳ᠋ᠦ ᠵᠠᠪᠬᠠᠨ ᠠᠢᠢᠮᠠᠭ ‍ᠤᠨ ᠤᠯᠠᠭᠠᠭᠴᠢ ‍ᠢᠢᠨ ᠬᠠᠷ᠎ᠠ ᠨᠠᠭᠤᠷ᠂ ᠪᠠᠭ᠎ᠠ ᠨᠠᠭᠤᠷ ᠵᠡᠷᠭᠡ ᠣᠯᠠᠨ ᠨᠠᠭᠤᠷ ‍‍ᠢ ᠰᠤᠳᠤᠯᠵᠡᠶ᠃

ᠥᠪᠦᠷᠬᠠᠭᠠᠶ ᠠᠢᠢᠮᠠᠭ ‍ᠤᠨ ᠤᠶᠠᠩᠭ᠎ᠠ ᠰᠤᠮᠤ ‍ᠢᠢᠨ ᠨᠠᠢᠮᠠᠬ ᠨᠠᠭᠤᠷ ᠲᠤ 1978 ᠣᠨ ᠋ᠳ᠋ᠤ ᠪᠠᠢᠢᠭᠠᠯ ᠨᠠᠭᠤᠷ ᠡᠴᠡ ᠵᠢᠭᠠᠰᠤᠨ ‍ᠤ ᠥᠨᠳᠡᠭᠡ ᠠᠪᠴᠢᠷᠠᠨ ᠠᠮᠢᠯᠠᠭᠤᠯᠤᠨ ᠨᠤᠲᠤᠭᠰᠢᠭᠤᠯᠤᠭᠰᠠᠨ᠃

ᠵᠢᠭᠠᠰᠤ ᠦᠭᠡᠶ ᠪᠣᠯᠪᠠᠴᠤ ᠵᠢᠭᠠᠰᠤᠨ ‍ᠤ ᠲᠡᠵᠢᠭᠡᠯ ᠪᠦᠭᠦᠢ ᠨᠠᠭᠤᠷ ‍ᠤᠳ ᠲᠤ Coregonus peled (ᠴᠠᠭᠠᠨ ᠵᠠᠷᠮ ‍ᠠ᠋) ᠵᠢᠭᠠᠰᠤ ᠨᠤᠲᠤᠭᠰᠢᠭᠤᠯᠬᠤ ᠠᠨᠤ ᠲᠣᠬᠢᠵᠠᠮᠵᠢ ᠲᠠᠶ ᠶᠤᠮ ᠪᠠᠢᠢᠨ᠎ᠠ ᠭᠡᠵᠦ ᠳ᠋ᠣᠻᠲ᠋ᠣᠷ ᠠ᠊᠂ ᠳᠤᠯᠮ᠎ᠠ ᠳ᠋ᠦ᠋ᠩᠨᠡᠵᠡᠶ᠃

ᠮᠥᠨ ᠣᠷᠤᠰ ‍ᠤᠨ ᠬᠣᠯᠪᠤᠭᠠᠨ ‍ᠤ ᠤᠯᠤᠰ ‍ᠤᠨ ᠠᠯᠲᠠᠢ ‍ᠢᠢᠨ ᠬᠢᠵᠠᠭᠠᠷ ᠡᠴᠡ 1982-83 ᠣᠨ ᠋ᠳ᠋ᠤ ᠴᠠᠭᠠᠨ ᠵᠠᠷᠮ᠎ᠠ ‍ᠢᠢᠨ ᠠᠪᠭᠠᠯᠳᠠᠶ ᠵᠠᠬᠢᠶᠠᠯᠠᠨ ᠠᠪᠴᠢᠷᠠᠭᠤᠯᠵᠦ ᠵᠠᠪᠬᠠᠨ ᠠᠢᠢᠮᠠᠭ ‍ᠤᠨ ᠤᠯᠠᠭᠠᠭᠴᠶ ‍ᠢᠢᠨ ᠬᠠᠷ᠎ᠠ ᠨᠠᠭᠤᠷ ᠲᠤ ᠨᠤᠲᠤᠭᠰᠢᠭᠤᠯᠤᠭᠰᠠᠨ ᠪᠠᠢᠢᠨ᠎ᠠ᠃

ᠴᠢᠩᠭᠢᠬᠦ ᠳ᠋ᠦ ᠪᠡᠨ ᠤᠯᠢᠶᠠᠰᠤᠲᠠᠶ ᠬᠣᠲᠠ ᠡᠴᠡ ᠵᠢᠭᠠᠰᠤᠨ ‍ᠤ ᠲᠦᠷᠢᠰᠦ ‍ᠢᠢ ᠤᠰᠤᠨ ‍ᠤ ᠮᠠᠱᠢᠨ ‍ᠢᠢᠠᠷ ᠵᠥᠭᠡᠵᠦ ᠪᠠᠢᠢᠵᠤᠬᠤᠶ᠃

ᠳ᠋ᠣᠻᠲ᠋ᠣᠷ ᠠ᠊᠂ ᠳᠤᠯᠮ᠎ᠠ 2007 ᠣᠨ ᠳ᠋ᠤ ᠰᠠᠨᠠᠭᠠᠴᠢᠯᠠᠨ ᠤᠯᠠᠭᠠᠭᠴᠶ ‍ᠢᠢᠨ ᠬᠠᠷ᠎ᠠ ᠨᠠᠭᠤᠷ ‍ᠤᠨ ᠳᠡᠷᠭᠡᠳᠦ ᠵᠢᠭᠠᠰᠤ ᠦᠷᠡᠵᠢᠭᠦᠯᠭᠡ ‍ᠢᠢᠨ ᠯᠠᠪᠣᠷᠠᠲ᠋ᠣᠷᠶ ᠪᠠᠢᠢᠭᠤᠯᠤᠭᠰᠠᠨ᠃

ᠫᠷᠣᠹᠧᠰᠰᠣᠷ ᠠ᠊᠂ ᠳᠤᠯᠮ᠎ᠠ ᠮᠣᠩᠭᠤᠯ ᠣᠷᠤᠨ ‍ᠤ ᠨᠡᠢᠢᠲᠦ 25 ᠣᠷᠴᠢᠮ ᠨᠠᠭᠤᠷ ‍ᠢ ᠵᠢᠭᠠᠰᠤᠵᠢᠭᠤᠯᠤᠭᠰᠠᠨ ᠪᠠᠢᠢᠨ᠎ᠠ᠃

ᠮᠥᠨ ᠡᠯᠡᠰᠦᠨ ‍ᠦ ᠨᠡᠭᠦᠳᠡᠯ ‍ᠢ ᠰᠠᠭᠠᠷᠠᠭᠤᠯᠬᠤ ᠵᠣᠷᠢᠯᠭ᠎ᠠ ᠪᠠᠷ ᠤᠯᠠᠭᠠᠭᠴᠶ ‍ᠢᠢᠨ ᠬᠠᠷ᠎ᠠ ᠨᠠᠭᠤᠷ ‍ᠤᠨ ᠡᠷᠭᠢ ᠳᠡᠭᠡᠷᠦ ᠵᠠᠪᠬᠠᠨ ‍ᠤ ᠮᠣᠳᠤ ᠦᠷᠡᠵᠢᠭᠦᠯᠭᠡ ‍ᠢᠢᠨ ᠭᠠᠵᠠᠷ ᠡᠴᠡ 3000 ᠭᠠᠷᠤᠶ ᠮᠣᠳᠤ ᠠᠪᠴᠤ 0.4 ᠾᠠ ᠲᠠᠯᠠᠪᠠᠶ ᠳ᠋ᠤ ᠪᠠᠨ ᠲᠠᠷᠢᠵᠤ᠂ ᠤᠷᠭᠤᠭᠤᠯᠤᠭᠰᠠᠨ ᠪᠠᠢᠢᠨ᠎ᠠ᠃ᠪᠠᠰᠠ ᠨᠠᠭᠤᠷ ᠲᠤ ᠦᠷᠡᠵᠢᠭᠦᠯᠦᠭᠰᠡᠨ ᠵᠢᠭᠠᠰᠤ ᠪᠠᠨ ᠬᠤᠯᠠᠭᠠᠢ ‍ᠢᠢᠨ ᠠᠩᠨᠠᠭᠤᠷᠴᠢᠳ ᠡᠴᠡ ᠬᠠᠮᠠᠭᠠᠯᠬᠤ ᠨᠥᠷ ᠶᠡᠬᠡ ᠲᠡᠮᠡᠴᠡᠯ ᠥᠷᠨᠢᠭᠦᠯᠦᠭᠰᠡᠭᠡᠷ ᠢᠷᠵᠡᠶ᠃




ᠪᠦᠲᠦᠭᠡᠯ ‍ᠦᠳ





ᠭᠡᠷ ᠪᠦᠯᠢ





ᠨᠡᠷ᠎ᠡ ᠲᠣᠮᠢᠶᠠᠯᠠᠯ





ᠡᠬᠢ ᠰᠤᠷᠪᠤᠯᠵᠢ