ᠳᠤᠯᠮ ᠊ᠠ᠋᠂ ᠠᠶᠤᠷ ᠊ᠤᠨ

10:42, 16 Арваннэгдүгээр сар 2021-ий байдлаарх Ayurita (яриа | оруулсан хувь нэмэр) хэрэглэгчийн хийсэн залруулга

ᠠᠶᠤᠷ ‍ᠤᠨ ᠳᠤᠯᠮ᠎ᠠ


ᠠᠶᠤᠷ ‍ᠤᠨ ᠳᠤᠯᠮ᠎ᠠ
ᠠᠶᠤᠷ ‍ᠤᠨ
ᠳᠤᠯᠮ᠎ᠠ
ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1937 ᠣᠨ ‍ᠤ ᠰᠠᠷ ‍ᠠ᠋ ᠶ᠋ᠢᠨ
ᠲᠥᠷᠦᠭᠰᠡᠨ ᠭᠠᠴᠠᠷ
ᠬᠠᠷᠢᠶᠠᠯᠠᠯ ᠪᠥᠭᠥᠳᠡ ᠨᠠᠢᠢᠷᠠᠮᠳᠠᠬᠣ ᠮᠣᠩᠭᠣᠯ ᠠᠷᠠᠳ ᠤᠯᠤᠰ
ᠮᠣᠩᠭᠤᠯ ᠤᠯᠤᠰ
ᠢᠳᠡᠪᠬᠢ ᠲᠡᠢ ᠣᠨ ᠵᠢᠯ ‍ᠥᠳ
ᠰᠠᠯᠪᠣᠷᠢ ᠪᠢᠣᠯᠣᠭᠢ᠂ ᠢᠻᠲᠶᠣᠯᠣᠭᠢ
ᠪᠣᠯᠪᠠᠰᠣᠷᠠᠯ ᠰᠦᠬᠡᠪᠠᠭᠠᠲᠤᠷ ‍ᠤᠨ ᠨᠡᠷᠡᠮᠵᠢᠲᠦ 6 ᠳ᠋ᠤᠭᠠᠷ ᠰᠤᠷᠭᠠᠭᠤᠯᠢ ‍ᠢᠢᠨ 6 ‍ᠳᠤᠭᠠᠷ ᠠᠩᠭᠢ ᠡᠴᠡ ᠮᠣᠩᠭᠤᠯ ᠤᠯᠤᠰ ‍ᠤᠨ ᠶᠡᠬᠡ ᠰᠤᠷᠭᠠᠭᠤᠯᠢ ‍ᠳᠤ ᠡᠯᠰᠡᠵᠦ 1956 ᠣᠨ ᠳ᠋ᠤ ᠲᠡᠭᠦᠰᠬᠡᠭᠰᠡᠨ
ᠪᠠᠢᠢᠭᠣᠯᠠᠯᠭ᠍ᠠ᠋ ᠰᠢᠨᠵᠢᠯᠡᠬᠦ ᠤᠬᠠᠭᠠᠨ ‍ᠦ ᠠᠻᠠᠳᠧᠮᠢ ᠶ᠋ᠢᠨ ᠪᠢᠣᠯᠣᠭᠢ ᠶ᠋ᠢᠨ ᠬᠦᠷᠢᠶᠡᠯᠡᠩ ᠦ᠋ᠨ ᠵᠢᠭᠠᠰᠤ ᠦᠷᠡᠵᠢᠭᠦᠯᠭᠡ ‍ᠢᠢᠨ ᠡᠷᠳᠡᠮ ᠰᠢᠨᠵᠢᠯᠡᠭᠡᠨ ‍ᠦ ᠲᠥᠪ ‍ᠦᠨ ᠵᠠᠬᠢᠷᠠᠯ᠂ ᠡᠷᠳᠡᠮ ᠰᠢᠨᠵᠢᠯᠡᠭᠡᠨ ‍ᠦ ᠠᠵᠢᠯᠲᠠᠨ
ᠬᠣᠪᠢ ᠨᠡᠮᠡᠷᠢ
ᠵᠡᠷᠭᠡ/ᠴᠣᠯ ᠠᠻᠠᠳᠧᠮᠢᠴᠢ᠂ ᠫᠷᠣᠹᠧᠰᠰᠣᠷ᠂ ᠳ᠋ᠣᠻᠲᠣᠷ
ᠱᠠᠩᠨᠠᠯ ᠰᠢᠨᠵᠢᠯᠡᠬᠦ ᠤᠬᠠᠭᠠᠨ ‍ᠤ ᠭᠠᠪᠢᠶᠠᠲᠤ ᠠᠵᠢᠯᠲᠠᠨ




ᠨᠠᠮᠲᠠᠷ

ᠠᠻᠠᠳᠧᠮᠢᠴᠢ ᠠ᠊᠂ ᠳᠤᠯᠮ᠎ᠠ 1937 ᠣᠨ ᠳ᠋ᠤ ᠮᠠᠨᠳᠦᠯᠡᠭᠰᠡᠨ᠃

ᠥᠷᠤᠰ ᠡᠴᠡ ᠢᠷᠡᠭᠰᠡᠨ ᠪᠤᠷᠢᠶᠠᠳ ᠠᠭᠷᠣᠨᠣᠮᠢᠴᠢ ᠠᠶᠤᠷ ‍ᠤᠨ ᠦᠬᠢᠨ᠃

ᠡᠴᠢᠭᠡ ᠠᠭᠷᠣᠨᠣᠮᠢᠴᠢ ᠠᠶᠤᠷ ᠠᠨᠤ 1937 ᠣᠨ ᠳ᠋ᠤ ᠬᠡᠯᠮᠡᠭᠳᠡᠭᠰᠡᠨ ᠪᠠᠢᠢᠨ᠎ᠠ᠃

ᠠ᠊᠂ ᠳᠤᠯᠮ᠎ᠠ ᠨᠡᠢᠢᠰᠯᠡᠯ ‍ᠦᠨ 2 ᠳ᠋ᠤᠭᠠᠷ ᠰᠤᠷᠭᠠᠭᠤᠯᠶ ᠳ᠋ᠤ ᠰᠤᠷᠤᠯᠴᠠᠵᠤ ᠪᠠᠢᠢᠭᠠᠳ᠂ 6 ᠳᠤ᠋ᠭᠠᠷ ᠠᠩᠭᠢ ᠡᠴᠡ ᠪᠠᠨ ᠮᠣᠩᠭᠤᠯ ᠤᠯᠤᠰ ‍ᠤᠨ ᠶᠡᠬᠡ ᠰᠤᠷᠭᠠᠭᠤᠯᠶ ᠳ᠋ᠤ ᠰᠢᠯᠭᠠᠯᠲᠠ ᠥᠭᠭᠦᠨ ᠡᠯᠰᠡᠨ ᠣᠷᠵᠡᠶ᠃

ᠮᠣᠩᠭᠤᠯ ᠤᠯᠤᠰ ‍ᠤᠨ ᠶᠡᠬᠡ ᠰᠤᠷᠭᠠᠭᠤᠯᠶ ‍ᠢᠢ 1956 ᠣᠨ ᠳ᠋ᠤ ᠲᠡᠭᠦᠰᠬᠡᠭᠡᠳ᠂ 19 ᠨᠠᠰᠤ ᠲᠠᠶ ᠳ᠋ᠤ ᠪᠠᠨ ᠤᠯᠤᠰ ᠊ᠤᠨ ᠪᠠᠭᠰᠢ ᠊ᠢᠢᠨ ᠳᠡᠭᠡᠳᠦ ᠰᠤᠷᠭᠠᠭᠤᠯᠶ ᠳ᠋ᠤ ᠪᠠᠭᠰᠢᠯᠠᠵᠤ ᠡᠬᠢᠯᠡᠵᠡᠶ᠃

ᠬᠣᠶᠠᠷ ᠵᠢᠯ ᠪᠠᠭᠰᠢᠯᠠᠭᠰᠠᠨ ‍ᠤ ᠠᠫᠢᠷᠠᠨ᠍ᠲ᠋ᠦᠷ ᠲᠤ ᠰᠤᠷᠤᠯᠴᠠᠭᠰᠠᠨ ᠪᠠᠢᠢᠨ᠎ᠠ᠃[1]
ᠠᠰᠫᠢᠷᠠᠨ᠍ᠲ᠋ᠦᠷ ᠲᠡᠭᠦᠰᠬᠡᠭᠰᠡᠨ ᠡᠴᠡ ᠪᠡᠨ ᠬᠣᠢᠢᠰᠢ ᠪᠢᠣᠯᠣᠭᠶ ‍ᠢᠢᠨ ᠬᠦᠷᠢᠶᠡᠯᠡᠩ ᠳ᠋ᠦ ᠠᠵᠢᠯᠯᠠᠵᠡᠶ᠃

ᠮᠣᠩᠭᠤᠯ ᠣᠷᠤᠨ ‍ᠤ 25 ᠣᠷᠴᠢᠮ ᠨᠠᠭᠤᠷ ‍ᠢ ᠵᠢᠭᠠᠰᠤ ᠲᠠᠢ ᠪᠣᠯᠭᠤᠭᠰᠠᠨ ᠡᠷᠳᠡᠮᠲᠡᠨ ᠠ᠊᠂ ᠳᠤᠯᠮ᠎ᠠ ᠤᠯᠠᠭᠠᠭᠴᠶ ‍ᠢᠢᠨ ᠬᠠᠷ᠎ᠠ ᠨᠠᠭᠤᠷ ‍ᠤᠨ ᠡᠷᠭᠢ ᠳ᠋ᠦ ᠪᠠᠢᠢᠩᠭ᠎ᠠ ᠰᠠᠭᠤᠵᠤ᠂ ᠰᠤᠳᠤᠯᠭ᠎ᠠ ᠰᠢᠨᠵᠢᠯᠡᠭᠡᠨ ‍ᠦ ᠠᠵᠢᠯ ‍ᠢᠢᠠᠨ ᠬᠢᠳᠡᠭ ᠪᠠᠢᠢᠨ᠎ᠠ᠃

ᠬᠠᠤᠯᠶ ᠪᠤᠰᠤ ᠠᠩᠨᠭᠤᠷᠴᠢᠳ ᠨᠠᠭᠤᠷ ᠡᠴᠡ ᠬᠤᠯᠠᠭᠠᠶ ᠪᠠᠷ ᠲᠣᠷ ᠠᠰᠢᠭᠯᠠᠨ ᠵᠢᠭᠠᠰᠤ ᠪᠠᠷᠢᠬᠤ ᠶᠠᠪᠤᠳᠠᠯ ᠶᠡᠬᠡ ᠪᠠᠢᠢᠬᠤ ᠠᠭᠠᠳ ᠡᠷᠳᠡᠮᠲᠡᠨ ᠲᠡᠳᠡᠨ ‍ᠢ ᠪᠣᠯᠢᠭᠤᠯᠬᠤ ᠪᠠᠷ ᠦᠭᠡ ᠬᠡᠯᠡᠬᠦ᠂ ᠵᠠᠩᠨᠠᠬᠤ ᠬᠦᠷᠲᠡᠯᠡ ᠲᠡᠮᠴᠡᠳᠡᠭ ᠪᠠᠢᠢᠨ᠎ᠠ᠃

ᠲᠡᠢᠢᠨ ᠬᠦ ᠠᠵᠢᠯᠯᠠᠵᠤ ᠪᠠᠢᠢᠬᠤ ᠳ᠋ᠤ ᠨᠢ ᠬᠤᠯᠠᠭᠠᠶ ᠊ᠢᠢᠨ ᠠᠩᠴᠢᠳ ᠬᠡᠳᠡᠷᠯᠡᠬᠦ᠂ ᠡᠷᠳᠡᠮᠲᠡᠨ ‍ᠢ ᠴᠥᠬᠢᠬᠤ᠂ ᠵᠣᠳᠬᠤ ᠶᠠᠪᠤᠳᠠᠯ ᠭᠠᠷᠴᠤ ᠪᠠᠢᠢᠭᠰᠠᠨ ᠠᠵᠡᠢ᠃

ᠬᠤᠠᠯᠭᠠᠶ ᠊ᠢᠢᠨ ᠵᠢᠭᠠᠰᠤᠴᠢᠳ ‍ᠤᠨ ᠨᠢᠭᠡ ᠢᠨᠦ ᠡᠷᠳᠡᠨᠢᠬᠠᠢᠢᠷᠬᠠᠨ ᠰᠤᠮᠤ ‍ᠢᠢᠨ ᠵᠠᠰᠠᠭ ᠳᠠᠷᠤᠭ᠎ᠠ ᠪᠠᠢᠢᠭᠰᠠᠨ᠃

ᠲᠡᠷᠡ ᠪᠡᠷ "ᠪᠢ ᠡᠨᠡ ᠰᠤᠮᠤ ‍ᠢᠢᠨ ᠵᠠᠰᠠᠭ ᠳᠠᠷᠤᠭ᠎ᠠ ‍ᠢᠢᠨ ᠬᠤᠪᠢ ᠳ᠋ᠤ ᠨᠠᠭᠤᠷ ᠡᠴᠡ ᠪᠡᠨ ᠭᠠᠭᠴᠠ ᠤᠳᠠᠭ᠎ᠠ ᠵᠢᠭᠠᠰᠤ ᠪᠠᠷᠢᠬᠤ ᠡᠷᠬᠡ ᠲᠡᠶ" ᠭᠡᠵᠦ ᠬᠡᠳᠡᠷᠯᠡᠵᠦ ᠪᠠᠢᠢᠵᠤᠬᠤᠶ᠃[1]



ᠦᠢᠯᠡ ᠬᠡᠷᠡᠭ


align: top
ᠠᠻᠠᠳᠧᠮᠢᠴᠢ ᠠ᠊᠂ ᠳᠤᠯᠮ᠎ᠠ ‍ᠢᠢᠨ 1978 ᠣᠨ ᠳ᠋ᠤ ᠵᠢᠭᠠᠰᠤᠵᠢᠭᠤᠯᠤᠬᠰᠠᠨ ᠥᠪᠦᠷᠬᠠᠩᠭᠠᠶ ᠠᠢᠢᠮᠠᠭ ‍ᠤᠨ ᠤᠶᠠᠩᠭ᠎ᠠ ᠰᠤᠮᠤ ‍ᠢᠢᠨ ᠨᠤᠲᠤᠭ ᠳ᠋ᠠᠬᠢ ᠬᠦᠢᠰᠦ ‍ᠢᠢᠨ ᠨᠠᠢᠮᠠᠨ ᠨᠠᠭᠤᠷ


ᠠᠶᠤᠷ ‍ᠤᠨ ᠳᠤᠯᠮ᠎ᠠ ᠮᠣᠩᠭᠤᠯ ᠤᠯᠤᠰ ‍ᠤᠨ ᠶᠡᠬᠡ ᠰᠤᠷᠭᠠᠭᠤᠯᠢ ‍ᠢᠢ 1956 ᠣᠨ ᠋ᠳ᠋ᠤ ᠲᠡᠭᠦᠰᠬᠡᠭᠡᠳ ᠤᠯᠤᠰ ‍ᠤᠨ ᠪᠠᠭᠰᠢ ‍ᠢᠢᠨ ᠳᠡᠭᠡᠳᠦ ᠰᠤᠷᠭᠠᠭᠤᠯᠢ ᠳ᠋ᠤ 2 ᠵᠢᠯ ᠪᠠᠭᠰᠢᠯᠠᠭᠰᠠᠨ ᠪᠠᠢᠢᠨ᠎ᠠ᠃

ᠠᠰᠫᠢᠷᠠᠨ᠍ᠲ᠋ᠤᠷ ᠲᠤ ᠰᠤᠷᠠᠯᠴᠠᠵᠤ ᠢᠷᠡᠭᠰᠡᠨ ‍ᠦ ᠳᠠᠷᠠᠭ᠎ᠠ ᠰᠢᠨᠵᠢᠯᠡᠬᠦ ᠤᠬᠠᠭᠠᠨ ‍ᠤ ᠠᠻᠠᠳᠧᠮᠢ ‍ᠢᠢᠨ ᠪᠢᠣᠯᠣᠭᠢ ‍ᠢᠢᠨ ᠬᠦᠷᠢᠶᠡᠯᠡᠩ ᠳ᠋ᠦ ᠠᠵᠢᠯᠯᠠᠵᠤ ᠡᠬᠢᠯᠡᠵᠡᠶ᠃

ᠡᠭᠦᠨ ‍ᠦ ᠬᠠᠵᠢᠭᠤ ᠪᠠᠷ ᠨᠡᠢᠢᠲᠦ 25 ᠵᠢᠯ ᠪᠠᠭᠰᠢᠯᠠᠭᠰᠠᠨ ᠪᠠᠢᠢᠨ᠎ᠠ᠃

ᠳ᠋ᠣᠻᠲ᠋ᠣᠷ ᠠ᠊᠂ ᠳᠤᠯᠮ᠎ᠠ ᠠᠩᠬ ‍ᠠ᠋ 1958 ᠣᠨ ᠳ᠋ᠤ ᠪᠠᠢᠢᠭᠠᠯ ᠨᠠᠭᠤᠷ ‍ᠤᠨ ᠵᠢᠭᠠᠰᠤ ᠦᠷᠡᠵᠢᠭᠦᠯᠬᠦ ᠦᠢᠯᠡᠳᠪᠦᠷᠢ ᠡᠴᠡ Coregonus migratorius (ᠣᠮᠤᠯ) ᠵᠢᠭᠠᠰᠤᠨ ‍ᠤ 14 ᠰᠠᠶ᠎ᠠ ᠠᠪᠠᠭᠠᠯᠳᠠᠶ ᠠᠪᠴᠢᠷᠠᠵᠤ ᠬᠥᠪᠰᠦᠭᠦᠯ ᠨᠠᠭᠤᠷ ᠲᠤ ᠨᠤᠲᠤᠭᠰᠢᠭᠤᠯᠵᠡᠶ᠃[1]

ᠮᠣᠩᠭᠤᠯ ᠣᠷᠤᠨ ‍ᠳᠤ ᠴᠥᠭᠦᠷᠦᠮ ‍ᠦᠨ ᠠᠵᠤ ᠠᠬᠤᠶ ᠪᠠᠢᠢᠭᠤᠯᠬᠤ ᠰᠤᠳᠤᠯᠭ᠎ᠠ 1966 ᠣᠨ ᠡᠴᠡ ᠡᠬᠢᠯᠡᠭᠰᠡᠨ᠃

ᠡᠷᠡᠰ ᠲᠡᠰ ᠠᠭᠤᠷ ᠠᠮᠢᠰᠬᠤᠯ ᠲᠠᠶ ᠮᠣᠩᠭᠤᠯ ᠣᠷᠤᠨ ‍ᠤ ᠨᠥᠬᠦᠴᠡᠯ ‍ᠳᠦ 5 ᠮᠧᠲ᠋ᠧᠷ ᠡᠴᠡ ᠢᠯᠡᠭᠦᠦ ᠭᠦᠨ ᠲᠡᠶ ᠴᠥᠭᠦᠷᠦᠮ ‍ᠳᠦ ᠯᠡ ᠵᠢᠭᠠᠰᠤ ᠦᠷᠡᠵᠢᠭᠦᠯᠵᠦ ᠪᠣᠯᠤᠨ᠎ᠠ᠃

ᠲᠡᠢᠢᠮᠦ ᠴᠥᠭᠦᠷᠦᠮ ᠪᠠᠢᠢᠭᠤᠯᠬᠤ ᠠᠨᠤ ᠥᠷᠲᠡᠭ ᠥᠨᠳᠦᠷ ᠲᠡᠶ᠃

ᠳ᠋ᠣᠻᠲ᠋ᠣᠷ ᠠ᠊᠂ ᠳᠤᠯᠮ᠎ᠠ ᠬᠠᠷᠢᠨ ᠵᠢᠭᠠᠰᠤ ᠠᠮᠢᠳᠤᠷᠠᠬᠤ ᠲᠠᠭᠠᠲᠠᠢ ᠣᠷᠴᠢᠨ ᠬᠢᠭᠡᠳ ᠵᠢᠭᠠᠰᠤᠨ ‍ᠤ ᠲᠡᠵᠢᠭᠡᠯ ᠡᠯᠪᠡᠭ ᠲᠡᠢ ᠨᠠᠭᠤᠷ ‍ᠤᠳ ‍ᠢ ᠵᠢᠭᠠᠰᠤᠵᠢᠯᠭᠤᠯᠵᠤ ᠪᠣᠯᠤᠨ᠎ᠠ ᠭᠡᠵᠦ ᠦᠵᠡᠵᠦᠬᠦᠶ᠃

ᠡᠨᠡ ᠬᠦᠭᠢᠶᠡᠨ ᠳ᠋ᠦ ᠵᠠᠪᠬᠠᠨ ᠠᠢᠢᠮᠠᠭ ‍ᠤᠨ ᠤᠯᠠᠭᠠᠭᠴᠢ ‍ᠢᠢᠨ ᠬᠠᠷ᠎ᠠ ᠨᠠᠭᠤᠷ᠂ ᠪᠠᠭ᠎ᠠ ᠨᠠᠭᠤᠷ ᠵᠡᠷᠭᠡ ᠣᠯᠠᠨ ᠨᠠᠭᠤᠷ ‍‍ᠢ ᠰᠤᠳᠤᠯᠵᠡᠶ᠃

ᠥᠪᠦᠷᠬᠠᠭᠠᠶ ᠠᠢᠢᠮᠠᠭ ‍ᠤᠨ ᠤᠶᠠᠩᠭ᠎ᠠ ᠰᠤᠮᠤ ‍ᠢᠢᠨ ᠨᠠᠢᠮᠠᠬ ᠨᠠᠭᠤᠷ ᠲᠤ 1978 ᠣᠨ ᠋ᠳ᠋ᠤ ᠪᠠᠢᠢᠭᠠᠯ ᠨᠠᠭᠤᠷ ᠡᠴᠡ ᠵᠢᠭᠠᠰᠤᠨ ‍ᠤ ᠥᠨᠳᠡᠭᠡ ᠠᠪᠴᠢᠷᠠᠨ ᠠᠮᠢᠯᠠᠭᠤᠯᠤᠨ ᠨᠤᠲᠤᠭᠰᠢᠭᠤᠯᠤᠭᠰᠠᠨ᠃

ᠵᠢᠭᠠᠰᠤ ᠦᠭᠡᠶ ᠪᠣᠯᠪᠠᠴᠤ ᠵᠢᠭᠠᠰᠤᠨ ‍ᠤ ᠲᠡᠵᠢᠭᠡᠯ ᠪᠦᠭᠦᠢ ᠨᠠᠭᠤᠷ ‍ᠤᠳ ᠲᠤ Coregonus peled (ᠴᠠᠭᠠᠨ ᠵᠠᠷᠮ ‍ᠠ᠋) ᠵᠢᠭᠠᠰᠤ ᠨᠤᠲᠤᠭᠰᠢᠭᠤᠯᠬᠤ ᠠᠨᠤ ᠲᠣᠬᠢᠵᠠᠮᠵᠢ ᠲᠠᠶ ᠶᠤᠮ ᠪᠠᠢᠢᠨ᠎ᠠ ᠭᠡᠵᠦ ᠳ᠋ᠣᠻᠲ᠋ᠣᠷ ᠠ᠊᠂ ᠳᠤᠯᠮ᠎ᠠ ᠳ᠋ᠦ᠋ᠩᠨᠡᠵᠡᠶ᠃

ᠮᠥᠨ ᠣᠷᠤᠰ ‍ᠤᠨ ᠬᠣᠯᠪᠤᠭᠠᠨ ‍ᠤ ᠤᠯᠤᠰ ‍ᠤᠨ ᠠᠯᠲᠠᠢ ‍ᠢᠢᠨ ᠬᠢᠵᠠᠭᠠᠷ ᠡᠴᠡ 1982-83 ᠣᠨ ᠋ᠳ᠋ᠤ ᠴᠠᠭᠠᠨ ᠵᠠᠷᠮ᠎ᠠ ‍ᠢᠢᠨ ᠠᠪᠭᠠᠯᠳᠠᠶ ᠵᠠᠬᠢᠶᠠᠯᠠᠨ ᠠᠪᠴᠢᠷᠠᠭᠤᠯᠵᠦ ᠵᠠᠪᠬᠠᠨ ᠠᠢᠢᠮᠠᠭ ‍ᠤᠨ ᠤᠯᠠᠭᠠᠭᠴᠶ ‍ᠢᠢᠨ ᠬᠠᠷ᠎ᠠ ᠨᠠᠭᠤᠷ ᠲᠤ ᠨᠤᠲᠤᠭᠰᠢᠭᠤᠯᠤᠭᠰᠠᠨ ᠪᠠᠢᠢᠨ᠎ᠠ᠃

ᠴᠢᠩᠭᠢᠬᠦ ᠳ᠋ᠦ ᠪᠡᠨ ᠤᠯᠢᠶᠠᠰᠤᠲᠠᠶ ᠬᠣᠲᠠ ᠡᠴᠡ ᠵᠢᠭᠠᠰᠤᠨ ‍ᠤ ᠲᠦᠷᠢᠰᠦ ‍ᠢᠢ ᠤᠰᠤᠨ ‍ᠤ ᠮᠠᠱᠢᠨ ‍ᠢᠢᠠᠷ ᠵᠥᠭᠡᠵᠦ ᠪᠠᠢᠢᠵᠤᠬᠤᠶ᠃

ᠳ᠋ᠣᠻᠲ᠋ᠣᠷ ᠠ᠊᠂ ᠳᠤᠯᠮ᠎ᠠ 2007 ᠣᠨ ᠳ᠋ᠤ ᠰᠠᠨᠠᠭᠠᠴᠢᠯᠠᠨ ᠤᠯᠠᠭᠠᠭᠴᠶ ‍ᠢᠢᠨ ᠬᠠᠷ᠎ᠠ ᠨᠠᠭᠤᠷ ‍ᠤᠨ ᠳᠡᠷᠭᠡᠳᠦ ᠵᠢᠭᠠᠰᠤ ᠦᠷᠡᠵᠢᠭᠦᠯᠭᠡ ‍ᠢᠢᠨ ᠯᠠᠪᠣᠷᠠᠲ᠋ᠣᠷᠶ ᠪᠠᠢᠢᠭᠤᠯᠤᠭᠰᠠᠨ᠃

ᠫᠷᠣᠹᠧᠰᠰᠣᠷ ᠠ᠊᠂ ᠳᠤᠯᠮ᠎ᠠ ᠮᠣᠩᠭᠤᠯ ᠣᠷᠤᠨ ‍ᠤ ᠨᠡᠢᠢᠲᠦ 25 ᠣᠷᠴᠢᠮ ᠨᠠᠭᠤᠷ ‍ᠢ ᠵᠢᠭᠠᠰᠤᠵᠢᠭᠤᠯᠤᠭᠰᠠᠨ ᠪᠠᠢᠢᠨ᠎ᠠ᠃

ᠮᠥᠨ ᠡᠯᠡᠰᠦᠨ ‍ᠦ ᠨᠡᠭᠦᠳᠡᠯ ‍ᠢ ᠰᠠᠭᠠᠷᠠᠭᠤᠯᠬᠤ ᠵᠣᠷᠢᠯᠭ᠎ᠠ ᠪᠠᠷ ᠤᠯᠠᠭᠠᠭᠴᠶ ‍ᠢᠢᠨ ᠬᠠᠷ᠎ᠠ ᠨᠠᠭᠤᠷ ‍ᠤᠨ ᠡᠷᠭᠢ ᠳᠡᠭᠡᠷᠦ ᠵᠠᠪᠬᠠᠨ ‍ᠤ ᠮᠣᠳᠤ ᠦᠷᠡᠵᠢᠭᠦᠯᠭᠡ ‍ᠢᠢᠨ ᠭᠠᠵᠠᠷ ᠡᠴᠡ 3000 ᠭᠠᠷᠤᠶ ᠮᠣᠳᠤ ᠠᠪᠴᠤ 0.4 ᠾᠠ ᠲᠠᠯᠠᠪᠠᠶ ᠳ᠋ᠤ ᠪᠠᠨ ᠲᠠᠷᠢᠵᠤ᠂ ᠤᠷᠭᠤᠭᠤᠯᠤᠭᠰᠠᠨ ᠪᠠᠢᠢᠨ᠎ᠠ᠃

ᠲᠤᠬᠠᠢᠢᠯᠠᠪᠠᠯ᠂ ᠤᠯᠢᠶᠠᠰᠤ᠂ ᠤᠯᠢᠶᠠᠩᠭᠠᠷ᠂ ᠴᠢᠴᠠᠷᠭᠠᠨ᠎ᠠ ‍ᠢᠢᠨ ᠮᠣᠳᠤ᠂ ᠦᠬᠡᠷ ‍ᠦᠨ ᠨᠢᠳᠦ ᠵᠡᠷᠭᠡ ᠭᠣᠪᠢ ᠳ᠋ᠤ ᠤᠷᠭᠤᠬᠤ ᠪᠣᠯᠤᠮᠵᠢ ᠲᠠᠶ ᠤᠷᠭᠤᠮᠠᠯ ‍ᠤᠳ ‍ᠢ ᠲᠠᠷᠢᠵᠤ᠂ ᠤᠷᠭᠤᠭᠤᠯᠵᠡᠶ᠃

ᠪᠠᠰᠠ ᠨᠠᠭᠤᠷ ᠲᠤ ᠦᠷᠡᠵᠢᠭᠦᠯᠦᠭᠰᠡᠨ ᠵᠢᠭᠠᠰᠤ ᠪᠠᠨ ᠬᠤᠯᠠᠭᠠᠢ ‍ᠢᠢᠨ ᠠᠩᠨᠠᠭᠤᠷᠴᠢᠳ ᠡᠴᠡ ᠬᠠᠮᠠᠭᠠᠯᠬᠤ ᠨᠥᠷ ᠶᠡᠬᠡ ᠲᠡᠮᠡᠴᠡᠯ ᠥᠷᠨᠢᠭᠦᠯᠦᠭᠰᠡᠭᠡᠷ ᠢᠷᠡᠵᠡᠶ᠃

ᠠᠻᠠᠳᠧᠮᠢᠴᠢ ᠠ᠊᠂ ᠳᠤᠯᠮ᠎ᠠ ᠰᠢᠨᠵᠢᠯᠡᠬᠦ ᠤᠬᠠᠭᠠᠨ ᠳ᠋ᠤ 50 ᠭᠠᠷᠤᠶ ᠵᠢᠯ ᠵᠢᠳᠬᠦᠵᠦᠬᠦᠢ᠃





ᠪᠦᠲᠦᠭᠡᠯ ‍ᠦᠳ

ᠮᠣᠩᠭᠤᠯ ‍ᠤᠨ ᠵᠢᠭᠠᠰᠤᠨ ‍ᠣ ᠠᠢᠢᠮᠠᠭ ‍ᠤᠨ ᠵᠠᠷᠢᠮ ᠲᠥᠷᠦᠯ ᠵᠦᠢᠢᠯ ‍ᠢ ᠮᠣᠯᠧᠻᠥᠯ - ᠫᠾᠢᠯᠣᠭᠧᠨᠧᠲ᠋ᠢᠻ ‍ᠥᠨ ᠠᠷᠭ᠍ᠠ᠋ ᠪᠠᠷ ᠰᠤᠳᠤᠯᠣᠭᠰᠠᠨ ᠳ᠋ᠦᠩ ᠡᠴᠡ᠃ ᠠᠶᠤᠷ ᠳᠤᠯᠮ᠍᠌᠍᠋ ‍ᠠ᠋᠃ Research Gate. 2016/02
ᠮᠣᠩᠭᠤᠯ ᠣᠷᠤᠨ ‍ᠤ ᠲᠣᠮᠤᠬᠠᠨ ᠬᠢᠮᠡᠯ ᠤᠰᠤᠨ ᠰᠠᠩ ‍ᠤᠳ ‍ᠤᠨ ᠪᠢᠣᠴᠧᠨᠣᠽ ‍ᠤᠨ ᠬᠤᠪᠢᠰᠤᠯ᠂ ᠵᠢᠭᠠᠰᠤ ᠦᠷᠡᠵᠢᠭᠦᠯᠬᠦ ᠠᠷᠭ᠍ᠠ᠋᠂ ᠲᠧᠻᠨᠣᠯᠣᠭᠢ᠂ ᠮᠠᠨᠠᠭᠧᠮᠧᠨ᠍ᠲ ᠪᠣᠯᠪᠸᠰᠤᠷᠠᠭᠤᠯᠬᠤ ᠦᠨᠳᠦᠰᠦᠯᠡᠯ᠃ ᠠ‍᠂ ᠳᠤᠯᠮ ‍ᠠ᠋᠂ ᠴ᠂ ᠠᠶᠤᠰᠢᠰᠦᠷᠦᠩ᠂ ᠨ‍᠂ ᠲᠦᠪᠰᠢᠨᠵᠢᠷᠭᠠᠯ᠃ ᠾᠢᠲᠷᠣᠪᠢᠣᠯᠣᠭᠢ ᠵᠢᠭᠠᠰᠤ ᠰᠤᠳᠤᠯᠤᠯ ‍ᠤᠨ ᠯᠠᠪᠣᠷᠠᠲ‍᠋ᠣᠷᠶ ‍ᠢᠢᠨ 2008 - 2010 ᠣᠨ ‍ᠤ ᠡᠷᠳᠡᠮ ᠰᠢᠨᠵᠢᠯᠡᠭᠡ᠂ ᠥᠢᠯᠡ ᠠᠵᠢᠯᠯᠠᠭᠠᠨ ‍ᠤ ᠲᠠᠢᠢᠯᠣᠨ᠃ ᠤᠯᠠᠭᠠᠨᠪᠠᠭᠠᠲᠤᠷ 2010



ᠭᠡᠷ ᠪᠦᠯᠢ

ᠨᠥᠬᠦᠷ ᠯᠤᠪᠰᠠᠩ ‍ᠤᠨ ᠰᠠᠩᠵᠠᠢ ᠲᠡᠦᠬᠡ ‍ᠢᠢᠨ ᠪᠠᠭᠰᠢ ᠪᠠᠢᠢᠭᠰᠠᠨ᠃

ᠬᠦᠪᠰᠦᠭᠦᠯ ᠠᠢᠢᠮᠠᠭ ‍ᠤᠨ ᠲᠡᠮᠦᠷᠪᠤᠯᠠᠭ ᠰᠤᠮᠤ ‍ᠢᠢᠨ ᠨᠤᠲᠤᠭ᠂ ᠪᠦᠭᠦᠳᠡᠭᠡᠨ ‍ᠦ ᠬᠡᠢᠢᠳ ‍‍ᠦᠨ ᠴᠣᠷᠵᠢ ᠯᠤᠪᠰᠠᠩ ‍ᠤᠨ ᠬᠦᠪᠡᠭᠦᠨ ᠠᠵᠡᠶ᠃[2]

ᠬᠦᠦ ᠰ᠃ ᠪᠠᠶᠠᠷ ᠮᠣᠩᠭᠤᠯ ᠤᠯᠤᠰ ‍ᠤᠨ ᠶᠡᠬᠡ ᠬᠤᠷᠠᠯ ‍ᠤᠨ ᠭᠡᠰᠢᠭᠦᠨ᠂ ᠮᠣᠩᠭᠤᠯ ᠤᠯᠤᠰ ‍ᠤᠨ ᠶᠡᠷᠦᠩᠬᠡᠶ ᠰᠠᠢᠢᠳ ‍ᠤᠨ ᠠᠯᠪᠠᠨ ᠲᠤᠰᠢᠶᠠᠯ ᠬᠠᠰᠢᠵᠤ ᠪᠠᠢᠢᠭᠰᠠᠨ᠃




ᠨᠡᠷ᠎ᠡ ᠲᠣᠮᠢᠶᠠᠯᠠᠯ





ᠡᠬᠢ ᠰᠤᠷᠪᠤᠯᠵᠢ