ᠴᠠᠭᠢᠯᠭᠠᠨ ᠢᠨ᠍ᠳᠦ᠋ᠭ᠌ᠼ

Wikibilig-с
17:47, 16 Есдүгээр сар 2020-ий байдлаарх Khuree Khairaa (яриа | оруулсан хувь нэмэр) хэрэглэгчийн хийсэн залруулга

ᠴᠠᠬᠢᠯᠭᠠᠨ ᠢᠨ᠍ᠳᠦ᠋ᠭ᠌ᠼ

ᠻᠣᠨ᠍ᠳᠧᠨ᠍ᠰᠠᠲ᠋ᠣᠷ[1]
ᠳ᠋ᠠᠬᠢ
ᠴᠠᠬᠢᠯᠭᠠᠨ
ᠢᠨ᠍ᠳᠦ᠋ᠭ᠌ᠼ


ᠴᠠᠬᠢᠯᠭᠠᠨ ᠢᠨ᠍ᠳᠦ᠋ᠭ᠌ᠼ ᠪᠤᠶᠤ ᠴᠠᠬᠢᠯᠭᠠᠨ ᠰᠢᠯᠵᠢᠯᠲᠡ ᠶ᠋ᠢᠨ ᠣᠷᠤᠨ ᠭᠡᠳᠡᠭ ᠨᠢ ᠪᠣᠳᠠᠰ ᠳ᠋ᠠᠬᠢ ᠴᠠᠬᠢᠯᠭᠠᠨ ᠣᠷᠤᠨ ‍ᠢ ᠲᠣᠳᠤᠷᠬᠠᠢᠢᠯᠠᠳᠠᠭ ᠬᠡᠮᠵᠢᠭᠳᠡᠬᠦᠨ ᠶᠤᠮ᠃[2]
ᠴᠠᠬᠢᠯᠭᠠᠨ ᠢᠨ᠍ᠳᠦ᠋ᠭ᠌ᠼ ᠨᠢ ᠴᠠᠬᠢᠯᠭᠠᠨ ᠣᠷᠤᠨ ‍ᠤ ᠬᠦᠴᠦᠯᠢᠭ ᠦ᠋ᠨ ᠸᠧᠻᠲ᠋ᠣᠷ[3] ᠪᠠ ᠲᠤᠢᠢᠯᠰᠢᠷᠠᠯ ᠦ᠋ᠨ ᠸᠧᠻᠲ᠋ᠣᠷ ᠦ᠋ᠨ ᠨᠡᠢᠢᠯᠡᠪᠦᠷᠢ ᠲᠡᠢ ᠲᠡᠩᠴᠡᠬᠦ ᠸᠧᠻᠲ᠋ᠣᠷ ᠬᠡᠮᠵᠢᠭᠳᠡᠬᠦᠨ ᠪᠢᠯᠡ᠃
ᠡᠨᠡᠬᠦᠦ ᠬᠡᠮᠵᠢᠭᠳᠡᠬᠦᠨ ‍ᠢ D ᠦᠰᠦᠭ ᠶ᠋ᠢᠡᠷ ᠲᠡᠮᠳᠡᠭᠯᠡᠬᠦ ᠠᠭᠠᠳ ᠡᠨᠡ ᠨᠢ "displacement" ᠭᠡᠰᠡᠨ ᠤᠳᠬ ‍ᠠ᠋ ᠲᠠᠢ᠃
ᠦᠯᠦ ᠳᠠᠮᠵᠢᠭᠤᠯᠤᠭᠴᠢ ᠡᠳ᠋ ᠲᠦ E ᠴᠠᠬᠢᠯᠭᠠᠨ ᠣᠷᠤᠨ ᠪᠠᠢᠢᠪᠠᠯ ᠰᠤᠯᠠ ᠪᠤᠰᠤ ᠴᠡᠨᠡᠭ (ᠠᠲ᠋ᠣᠮ[4] ᠦ᠋ᠨ ᠴᠥᠮ ‍ᠠ᠋ ᠪᠠ ᠧᠯᠧᠻᠲ᠋ᠷᠣᠨ[5] ᠨᠤᠭᠤᠳ) ᠦ᠋ᠳ ‍ᠢ ᠶᠠᠯᠢᠮ ‍ᠠ᠋ ᠦᠭᠡᠢ ᠰᠠᠯᠭᠠᠵᠤ᠂ ᠲᠡᠷᠡ ᠬᠡᠰᠡᠭ ᠲᠦ ᠴᠠᠬᠢᠯᠭᠠᠨ ᠳ᠋ᠢᠫᠥᠯ ᠮᠣᠮᠧᠨ᠍ᠲ[6] ᠡᠭᠦᠰᠬᠡᠨ᠎ ‍ᠠ᠋᠃
ᠴᠠᠬᠢᠯᠭᠠᠨ ᠢ᠍ᠳᠦ᠋ᠭ᠌ᠼ ᠳᠠᠷᠠᠭᠠᠬᠢ ᠪᠠᠢᠢᠳᠠᠯ ᠶ᠋ᠢᠠᠷ ᠢᠯᠡᠷᠬᠡᠢᠢᠯᠡᠭᠳᠡᠨ᠎ ‍ᠡ᠋᠄






D = ε0E + P[7]


ᠡᠭᠦᠨ ᠳ᠋ᠦ᠄
E ᠨᠢ ᠴᠠᠬᠢᠯᠭᠠᠨ ᠣᠷᠤᠨ ‍ᠤ ᠬᠦᠴᠦᠯᠢᠭ ᠂
P ᠨᠢ ᠲᠣᠢᠢᠯᠰᠢᠷᠠᠯ ᠦ᠋ᠨ ᠨᠢᠭᠲᠠᠰᠢᠯ᠂
ε0 ᠨᠢ ᠸᠠᠻᠦ᠋ᠦᠮ ‍ᠳᠠᠬᠢ ᠴᠠᠬᠢᠯᠭᠠᠨ ᠨᠡᠪᠲᠡᠷᠡᠭᠦᠯᠬᠦ ᠴᠢᠳᠠᠪᠤᠷᠢ
SI ᠰᠢᠰᠲ᠋ᠧᠮ ᠳ᠋ᠦ ᠴᠠᠬᠢᠯᠭᠠᠨ ᠢᠨ᠍ᠳᠦ᠋ᠭ᠌ᠼ ‍ᠢ C/m2 ᠪᠤᠶᠤ ᠻᠦ᠋ᠯᠣᠨ / ᠻᠸᠠᠲᠷᠠᠲ᠋ ᠮᠧᠲ᠋ᠧᠷ ᠶ᠋ᠢᠡᠷ ᠬᠡᠮᠵᠢᠳᠡᠭ᠃

ᠤᠶᠠᠯᠳᠤᠭ᠎ ‍ᠠ᠋ ᠲᠠᠢ ᠰᠡᠳᠦᠪ

ᠴᠠᠬᠢᠯᠭᠠᠨ ᠰᠣᠷᠢᠨᠵᠢᠨ ᠢᠨ᠍ᠳᠦ᠋ᠭ᠌ᠼ
ᠰᠣᠷᠢᠨᠵᠢᠨ ᠢᠨ᠍ᠳᠦ᠋ᠭ᠌ᠼ
ᠴᠠᠬᠢᠯᠭᠠᠨ ᠰᠲ᠋ᠠᠲ᠋ᠢᠭ ᠢᠨ᠍ᠳᠦ᠋ᠭ᠌ᠼ

ᠲᠦᠯᠬᠢᠭᠦᠷ ᠦᠭᠡᠰ

цахилгаан индукц
цахилгаан шилжилтийн орон
туйлшрал
цахилгаан орны хүчлэг
Кулон
electric displacement field
electric induction
polarisation
electric field intensity
Coulomb
электрическая индукция
электрическое смещение
поляризация
напряжённость электрического поля

ᠵᠡᠭᠦᠯᠲᠦ᠂ ᠡᠬᠢ ᠰᠤᠷᠪᠤᠯᠵᠢ

  1. capacitor ᠪᠤᠶᠤ конденсатор
  2. А.М.Прохоров и др. Советский энциклопедический словарь. ©Издательство “Советская энциклопедия”. Москва 1989
  3. vector
  4. atom
  5. electron
  6. dipole moment
  7. David Griffiths. Introduction to Electrodynamics (3rd 1999 ed.)