ᠶᠤᠸᠠᠮᠪᠤᠤ
ᠶᠤᠸᠠᠮᠪᠤᠤ ᠭᠡᠵᠦ ᠲᠤᠰᠬᠠᠢ ᠬᠡᠪ ᠲᠦ ᠠᠯᠲᠠ ᠮᠥᠩᠭᠥ ᠪᠡᠷ ᠴᠢᠳᠬᠤᠨ ᠬᠢᠭᠰᠡᠨ᠂ ᠳᠡᠭᠡᠳᠦ ᠲᠠᠯ᠎ᠠ ᠨᠢ ᠰᠡᠷᠡᠪᠡᠭᠡᠷ᠂ ᠳᠣᠭᠣᠳᠤ ᠲᠠᠯ᠎ᠠ ᠨᠢ ᠱᠤᠪᠲᠤᠩ ᠪᠤᠶᠤ ᠡᠰᠡᠪᠡᠯ ᠳᠡᠯᠪᠡᠭᠡᠷ ᠨᠢᠭᠡᠨ ᠵᠦᠢᠯ ᠵᠣᠭᠣᠰᠤᠨ ᠤ ᠨᠡᠷᠡᠰᠢᠯ᠃ ᠮᠥᠩᠭᠥᠨ ᠦ ᠡᠭᠦᠷᠭᠡ ᠭᠦᠢᠴᠡᠳᠭᠡᠵᠦ ᠪᠠᠶᠢᠭᠰᠠᠨ ᠤᠴᠢᠷ ᠯᠠᠩ ᠵᠢᠩ ᠢᠶᠡᠷ ᠶᠠᠩᠵᠤ ᠪᠦᠷᠢ ᠪᠠᠶᠢᠭᠰᠠᠨ᠃ ᠡᠭᠦᠨ ᠳᠦ᠄ ᠬᠤᠯᠤᠭᠠᠷ ᠶᠤᠸᠠᠮᠪᠤᠤ 49 -50 ᠯᠠᠩ᠂ ᠰᠢᠷᠡᠭᠡ ᠴᠠᠭᠠᠨ ᠶᠤᠸᠠᠮᠪᠤᠤ 50 ᠯᠠᠩ᠂ ᠳᠠᠭᠤᠭᠤᠷ ᠶᠤᠸᠠᠮᠪᠤᠤ 4-5 ᠯᠠᠩ᠂ ᠡᠯᠵᠢᠭᠡᠨ ᠲᠤᠷᠤ ᠶᠤᠸᠠᠮᠪᠤᠤ 5 ᠯᠠᠩ᠂ ᠲᠣᠶᠢᠭᠣᠨ ᠶᠤᠸᠠᠮᠪᠤᠤ 10 ᠯᠠᠩ ᠪᠠᠶᠢᠴᠠᠢ᠃
ᠨᠡᠷᠡᠰᠢᠯ ᠬᠤᠵᠠᠢ ᠬᠡᠯᠡᠨ ᠦ 元 寶 (yuánbǎo) ᠬᠡᠮᠡᠬᠦ ᠦᠭᠡ ᠡᠴᠡ ᠭᠠᠷᠤᠯᠲᠠᠢ᠃ ᠥᠯᠥᠭᠡᠢ ᠮᠥᠩᠭᠥ ᠪᠤᠶᠤ ᠰᠦᠬᠡ ᠭᠡᠬᠦ ᠨᠢ ᠴᠤ ᠪᠤᠢ᠃
ᠡᠬᠡ ᠰᠤᠷᠪᠤᠯᠵᠢ ᠣ᠊ ∙ ᠰᠦᠬᠡᠪᠠᠭᠠᠲᠤᠷ᠃ ᠭᠠᠳᠠᠭᠠᠳᠤ ᠦᠭᠡ ᠶᠢᠨ ᠲᠣᠯᠢ