ᠶᠠᠲᠤᠭ ᠊ᠠ᠋

Wikibilig-с
05:25, 19 Аравдугаар сар 2020-ий байдлаарх Jamiyan (яриа | оруулсан хувь нэмэр) хэрэглэгчийн хийсэн залруулга
ᠮᠣᠩᠭᠣᠯ ᠶᠠᠲᠤᠭ᠎ ‍ᠠ᠋


ᠮᠣᠩᠭᠣᠯ ᠶᠠᠲᠤᠭ᠎ ‍ᠠ᠋


ᠶᠠᠲᠤᠭ᠎ᠠ ᠪᠣᠯ ᠲᠣᠪᠰᠢᠭᠤᠷ ᠲᠤ ᠬᠥᠭᠵᠢᠮ ᠦᠨ ᠠᠩᠭᠢᠯᠠᠯ᠂ ᠴᠢᠪᠬᠠᠳᠠᠰᠤᠲᠤ ᠬᠥᠭᠵᠢᠮ ᠦᠨ ᠠᠢ ᠳᠤ ᠪᠠᠭᠲᠠᠳᠠᠭ ᠬᠥᠭᠵᠢᠮ ᠦᠨ ᠵᠢᠮᠰᠡᠭ ᠶᠤᠮ᠃ ᠶᠠᠲᠤᠭ᠎ᠠ ᠨᠢ ᠭᠦᠳᠦᠭᠦᠷ ᠤᠷᠲᠤ ᠬᠠᠪᠲᠠᠭᠠᠢ᠂ ᠰᠡᠭᠦᠯ ᠬᠡᠰᠡᠭ ᠨᠢ ᠭᠠᠵᠠᠷ ᠲᠤᠯᠤᠭᠰᠠᠨ᠂ ᠡᠪᠦᠳᠦᠭ ᠳᠡᠭᠡᠷ᠎ᠡ ᠪᠡᠨ ᠲᠠᠯᠪᠢᠵᠤ ᠬᠥᠭᠵᠢᠮᠳᠡᠬᠦ ᠳᠦ ᠵᠣᠷᠢᠭᠤᠯᠤᠭᠳᠠᠭᠰᠠᠨ ᠪᠠᠶᠢᠳᠠᠭ᠃ ᠶᠠᠲᠤᠭ᠎ᠠ ᠬᠥᠭᠵᠢᠮ ᠦᠨ ᠪᠤᠰᠤᠳ ᠠᠷᠠᠳ ᠤᠨ ᠬᠥᠭᠵᠢᠮ ᠦᠨ ᠵᠢᠮᠰᠡᠭ ᠦᠳ ᠡᠴᠡ ᠢᠯᠭᠠᠭᠳᠠᠬᠤ ᠣᠨᠴᠠᠯᠢᠭ ᠨᠢ ᠬᠥᠭ ᠳᠠᠭᠤᠷᠢᠰᠬᠠᠯ ᠤᠨ ᠬᠤᠪᠢ ᠳᠤ ᠫᠧᠨ᠋ᠲ᠋ᠠᠲ᠋ᠣᠨᠢᠻ (ᠲᠠᠪᠤᠨ ᠡᠭᠡᠰᠢᠭ) ᠬᠥᠭ ᠢᠶᠡᠷ ᠬᠥᠭᠯᠡᠭᠳᠡᠳᠡᠭ᠃ ᠶᠠᠲᠤᠭ᠎ᠠ ᠶᠢ ᠬᠥᠭᠵᠢᠮᠳᠡᠬᠦ ᠳᠦ ᠪᠡᠨ ᠰᠠᠨᠳᠠᠯᠢ ᠳᠡᠭᠡᠷ᠎ᠡ ᠰᠠᠭᠤᠵᠤ᠂ ᠪᠠᠷᠠᠭᠤᠨ ᠡᠪᠦᠳᠦᠭ ᠳᠡᠭᠡᠷ᠎ᠡ ᠪᠡᠨ ᠲᠣᠯᠣᠭᠠᠢ ᠶᠢ ᠨᠢ᠂ ᠶᠡᠬᠡ ᠪᠡᠶ᠎ᠡ ᠶᠢ ᠵᠡᠭᠦᠨ ᠡᠪᠦᠭᠡᠨ ᠳᠡᠭᠡᠭᠦᠷ ᠳᠠᠪᠠᠭᠤᠯᠤᠨ᠂ ᠳ᠋ᠣᠣ ᠳᠤ ᠦᠵᠦᠭᠦᠷ ᠢ ᠭᠠᠵᠠᠷ ᠲᠤ ᠲᠠᠯᠪᠢᠵᠤ ᠬᠥᠭᠵᠢᠮᠳᠡᠳᠡᠭ᠃ ᠶᠠᠲᠤᠭ᠎ᠠ ᠶᠢᠨ ᠴᠢᠪᠬᠠᠳᠠᠰᠤ ᠶᠢ ᠥᠯᠥᠩᠭᠡ ᠪᠡᠷ᠂ ᠲᠡᠪᠬᠡ ᠮᠣᠳᠣ ᠶᠢ ᠵᠥᠭᠡᠯᠡᠨ ᠮᠣᠳᠣ ᠬᠤᠰᠢ ᠪᠠᠷ ᠬᠢᠳᠡᠭ᠃ ᠢᠳᠬᠠᠷ᠎ᠠ ᠬᠥᠭᠵᠢᠮᠳᠡᠬᠦ ᠳᠦ ᠬᠡᠮ ᠬᠡᠮᠵᠢᠶ᠎ᠡ ᠨᠢ ᠤᠳᠠᠭᠠᠨ ᠲᠦᠷᠭᠡᠨ᠂ ᠠᠶ᠎ᠠ ᠬᠡᠮᠨᠡᠯ ᠶᠡᠬᠡ ᠲᠡᠢ ᠠᠶᠠᠵᠠ ᠬᠥᠭᠵᠢᠮᠳᠡᠳᠡᠭ ᠤᠴᠢᠷ ᠠᠴᠠ ᠬᠥᠭᠵᠢᠮᠳᠡᠭᠴᠢ ᠬᠦᠮᠦᠨ ᠦ ᠤᠷ᠎ᠠ ᠳᠦᠢ᠂ ᠰᠣᠨᠣᠰᠬᠠᠯ᠂ ᠬᠤᠷᠤᠭᠤᠨ ᠤ ᠲᠧᠭᠨᠢᠭ ᠬᠤᠷᠳᠤᠨ ᠬᠥᠳᠡᠯᠭᠡᠭᠡᠨ ᠶᠡᠬᠡ ᠡᠭᠦᠷᠭᠡ ᠲᠡᠢ ᠪᠠᠶᠢᠳᠠᠭ᠃ ᠠᠶᠠᠯᠭᠤᠨ ᠤ ᠬᠡᠮᠨᠡᠯ ᠦᠨ ᠣᠨᠴᠠᠯᠢᠭ ᠲᠤ ᠲᠣᠬᠢᠷᠠᠭᠤᠯᠤᠨ ᠳᠠᠩ ᠳᠠᠪᠬᠤᠷ ᠨᠢᠰᠠᠯᠭ᠎ᠠ᠂ ᠨᠠᠶᠢᠮᠠᠴᠠ ᠪᠠᠷ ᠲᠠᠲᠠᠬᠤ ᠲᠠᠲᠠᠯᠭ᠎ᠠ᠂ ᠴᠡᠴᠡᠷᠡᠭᠡ ᠬᠢᠬᠦ ᠵᠡᠷᠭᠡ ᠲᠣᠭᠯᠠᠬᠤ ᠠᠷᠭ᠎ᠠ ᠶᠢ ᠬᠡᠷᠡᠭᠯᠡᠳᠡᠭ᠃ ᠶᠠᠲᠤᠭ᠎ᠠ ᠶᠢ ᠶᠠᠮᠠᠷ ᠴᠤ ᠬᠥᠭ ᠢᠶᠡᠷ ᠬᠥᠭᠯᠡᠵᠦ ᠪᠣᠯᠳᠠᠭ ᠣᠨᠴᠠᠯᠢᠭ ᠲᠠᠢ᠃ ᠥᠭᠡᠷ᠎ᠡ ᠪᠡᠷ ᠬᠡᠯᠡᠪᠡᠯ ᠻᠸᠨᠨ᠋ᠲ ᠦᠨ ᠬᠦᠷᠳ᠋ ᠍ ᠢᠶᠡᠷ ᠬᠦᠭᠵᠢᠮᠳᠡᠵᠦ ᠪᠣᠯᠤᠨ᠎ᠠ᠃ ᠶᠠᠲᠤᠭ᠎ᠠ ᠬᠥᠭᠵᠢᠮ ᠦᠨ ᠵᠣᠬᠢᠶᠠᠯ ᠪᠦᠲᠦᠭᠡᠯ ᠦᠨ ᠣᠨᠴᠠᠯᠢᠭ ᠨᠢ ᠥᠪᠡᠷᠮᠢᠴᠡ ᠳᠠᠭᠤᠷᠢᠰᠤᠯ ᠪᠦᠬᠦᠢ ᠠᠷᠠᠳ ᠤᠨ ᠳᠠᠭᠤᠤ ᠬᠥᠭᠵᠢᠮ ᠪᠠᠶᠢᠳᠠᠭ ᠠᠴᠠ ᠭᠠᠳᠠᠨ᠎ᠠ ᠪᠢᠢ ᠪᠦᠵᠢᠭ ᠦᠨ ᠠᠶ᠎ᠠ ᠶᠢ ᠴᠤ ᠬᠠᠮᠰᠠᠷᠠᠨ ᠬᠥᠭᠵᠢᠮᠳᠡᠬᠦ ᠣᠨᠴᠠᠯᠢᠭ ᠲᠠᠢ᠃ ᠶᠠᠲᠤᠭ᠎ᠠ ᠬᠥᠭᠵᠢᠮ ᠢ ᠡᠬᠢᠯᠡᠨ ᠰᠤᠷᠤᠯᠴᠠᠬᠤ ᠳᠤ ᠰᠠᠭᠤᠯᠲᠠ ᠠᠴᠠ ᠡᠬᠢᠯᠡᠭᠡᠳ ᠪᠠᠷᠢᠯ ᠲᠠᠯᠪᠢᠯᠲᠠ ᠶᠢ ᠵᠥᠪ ᠡᠵᠡᠮᠰᠢᠬᠦ ᠶᠠᠪᠤᠳᠠᠯ ᠴᠢᠬᠤᠯᠠ ᠶᠤᠮ᠃ ᠠᠩᠬ᠎ᠠ ᠠᠴᠠ ᠪᠠᠨ ᠪᠤᠷᠤᠭᠤ ᠲᠠᠯᠪᠢᠯ ᠡᠵᠡᠮᠰᠢᠪᠡᠯ ᠬᠣᠵᠢᠮ ᠲᠡᠭᠦᠨ ᠢ ᠵᠠᠰᠠᠬᠤ ᠳᠤ ᠬᠦᠨᠳᠦᠷᠡᠯ ᠤᠴᠠᠷᠠᠬᠤ ᠪᠥᠭᠡᠳ ᠲᠤᠬᠠᠢ ᠶᠢᠨ ᠬᠥᠭᠵᠢᠮ ᠢ ᠴᠢᠨᠠᠭᠰᠢᠳᠠ ᠢᠷᠠᠭᠤ ᠲᠣᠳᠣ᠂ ᠭᠣᠶᠣ᠂ ᠴᠢᠬᠢᠨ ᠳᠦ ᠴᠢᠮᠡᠭ ᠲᠡᠢ ᠵᠥᠪ ᠴᠡᠪᠡᠷᠬᠡᠨ ᠳᠠᠭᠤᠤ ᠭᠠᠷᠭᠠᠨ᠎ᠠ ᠭᠡᠳᠡᠭ ᠨᠢ ᠪᠡᠷᠬᠡᠰᠢᠶᠡᠯ ᠲᠡᠢ ᠪᠣᠯᠳᠠᠭ᠃ ᠶᠠᠲᠤᠭ᠎ᠠ ᠬᠥᠭᠵᠢᠮ ᠢᠶᠡᠷ ᠬᠦᠭᠵᠢᠮᠳᠡᠵᠦ ᠰᠤᠷᠬᠤ ᠬᠦᠮᠦᠨ ᠪᠣᠯ ᠪᠠᠭᠤᠤ ᠶᠢ ᠪᠠᠨ ᠤᠶᠠᠨ ᠵᠥᠭᠡᠯᠡᠨ ᠪᠠᠶᠢᠯᠭᠠᠬᠤ ᠬᠤᠷᠤᠭᠤᠨ ᠤ ᠬᠥᠳᠡᠯᠭᠡᠭᠡᠨ ᠮᠠᠰᠢ ᠬᠤᠷᠳᠤᠨ᠂ ᠪᠦᠬᠦ ᠦᠶᠡᠨ ᠨᠦᠭᠦᠳ ᠢᠶᠡᠷ ᠢᠶᠡᠨ ᠴᠢᠯᠦᠭᠡᠲᠡᠢ ᠬᠥᠳᠡᠯᠵᠦ ᠪᠠᠶᠢᠬᠤ ᠶᠢᠨ ᠲᠤᠯᠠᠳᠠ ᠮᠥᠷᠥ ᠪᠠᠭᠤᠤ ᠪᠣᠯᠤᠨ ᠪᠦᠬᠦ ᠪᠡᠶ᠎ᠡ ᠶᠢ ᠰᠤᠯᠠ ᠴᠢᠯᠦᠭᠡᠲᠡᠢ ᠪᠠᠶᠢᠯᠭᠠᠵᠤ᠂ ᠲᠣᠬᠣᠢ ᠶᠢ ᠪᠡᠶ᠎ᠡ ᠷᠦᠦ ᠪᠡᠨ ᠲᠠᠲᠠᠵᠤ ᠰᠠᠭᠤᠬᠤ ᠶᠢ ᠬᠢᠴᠢᠶᠡᠬᠦ ᠬᠡᠷᠡᠭᠲᠡᠢ᠃ ᠶᠠᠲᠤᠭ᠎ᠠ ᠬᠥᠭᠵᠢᠮ ᠨᠢ ᠪᠤᠰᠤᠳ ᠬᠥᠭᠵᠢᠮ ᠢ ᠪᠣᠳᠣᠪᠠᠯ ᠪᠡᠯᠡᠨ ᠬᠥᠭ ᠲᠡᠢ᠂ ᠬᠦᠭᠵᠢᠮᠳᠡᠵᠦ ᠰᠤᠷᠠᠬᠤ ᠳᠤ ᠠᠮᠠᠷᠬᠠᠨ᠂ ᠬᠢᠯᠪᠠᠷ ᠶᠤᠮ ᠰᠢᠭ ᠪᠣᠯᠪᠠᠴᠤ ᠰᠤᠷᠠᠬᠤ ᠳᠤ ᠨᠡᠯᠢᠶᠡᠳ ᠨᠢᠭᠲᠠ ᠨᠢᠮᠪᠠᠢ ᠠᠵᠢᠯᠯᠠᠭ᠎ᠠ ᠱᠠᠭᠠᠷᠳᠠᠭᠳᠠᠳᠠᠭ᠃ ᠢᠯᠠᠩᠭᠤᠶ᠎ᠠ ᠬᠥᠭ ᠪᠠᠶᠢᠩᠭᠤ ᠥᠭᠡᠷᠡᠴᠢᠯᠡᠭᠳᠡᠳᠡᠭ ᠤᠴᠢᠷ ᠮᠠᠰᠢ ᠴᠡᠪᠡᠷ ᠬᠥᠭᠯᠡᠵᠦ ᠰᠤᠷᠬᠤ ᠶᠣᠰᠣᠲᠠᠢ᠃

ᠲᠡᠦᠬᠡ

ᠬᠣᠷᠰᠢᠯ


ᠡᠷᠲᠡᠨ ᠦ ᠰᠤᠷᠪᠤᠯᠵᠢ ᠮᠡᠳᠡᠭᠡᠨ ᠡᠴᠡ ᠦᠵᠡᠬᠦ ᠳᠦ ᠶᠠᠲᠤᠭ᠎ᠠ ᠶᠢ ᠠᠩᠬ᠎ᠠ ᠾᠢᠦᠩᠨᠦ ᠨᠠᠷ ᠤᠨ ᠳᠤᠮᠳᠠ ᠬᠡᠷᠡᠭᠯᠡᠵᠦ ᠪᠠᠶᠢᠭᠰᠠᠨ ᠭᠡᠬᠦ ᠮᠡᠳᠡᠭᠡ ᠪᠠᠶᠢᠬᠤ ᠪᠠ ᠡᠭᠦᠨ ᠦ ᠳᠠᠷᠠᠭ᠎ᠠ ᠮᠠᠨᠳᠤᠭᠰᠠᠨ ᠰᠦᠮᠪᠦᠴᠢ ᠨᠦᠭᠦᠳ ᠶᠠᠲᠤᠭ᠎ᠠ ᠬᠥᠭᠵᠢᠮ ᠬᠡᠷᠡᠭᠯᠡᠵᠦ ᠪᠠᠶᠢᠭᠰᠠᠨ᠃ ᠳᠤᠮᠳᠠᠳᠤ ᠡᠷᠲᠡᠨ ᠦ ᠲᠡᠦᠬᠡ ᠶᠢᠨ ᠪᠠᠷᠢᠮᠲᠠ ᠮᠡᠳᠡᠭᠡᠯᠡᠯ ᠡᠴᠡ ᠦᠵᠡᠬᠦ ᠳᠦ ᠶᠠᠲᠤᠭ᠎ᠠ ᠬᠥᠭᠵᠢᠮ ᠨᠢ 12-13 ᠳᠤᠭᠠᠷ ᠳᠦᠭᠡᠷ ᠵᠠᠭᠤᠨ ᠤ ᠦᠶ᠎ᠡ ᠳᠦ ᠮᠣᠩᠭᠣᠯ ᠨᠤᠲᠤᠭ ᠢᠶᠠᠷ ᠨᠡᠯᠢᠶᠡᠳ ᠲᠠᠷᠬᠠᠨ ᠬᠥᠭᠵᠢᠵᠦ ᠪᠠᠶᠢᠭᠰᠠᠨ ᠪᠠ ᠢᠯᠠᠩᠭᠤᠶ᠎ᠠ ᠬᠠᠭᠠᠳ ᠤᠨ ᠥᠷᠭᠥᠭᠡ ᠣᠷᠣᠳ ᠲᠤ ᠮᠠᠰᠢ ᠣᠯᠠᠨ ᠵᠦᠢᠯ ᠦᠨ ᠶᠠᠲᠤᠭ᠎ᠠ ᠬᠡᠷᠡᠭᠯᠡᠵᠦ ᠪᠠᠶᠢᠭᠰᠠᠨ ᠮᠡᠳᠡᠭᠡ ᠪᠠᠶᠢᠨ᠎ᠠ᠃ ᠲᠤᠬᠠᠶᠢᠯᠠᠪᠠᠯ ᠬᠠᠭᠠᠨ ᠤ ᠣᠷᠳᠣᠨ ᠳᠤ᠄ ᠶᠤᠸᠠᠨ ᠤᠯᠤᠰ ᠤᠨ ᠰᠤᠳᠤᠷ ᠤᠨ 69-71  ᠳᠦᠭᠡᠷ ᠳᠡᠪᠲᠡᠷ ᠦᠨ ᠳᠣᠲᠣᠷ᠎ᠠ᠄ 《ᠠᠬᠤᠢ ᠶᠠᠲᠤᠭ᠎ᠠ᠂ ᠲᠥᠷᠥ ᠶᠢᠨ ᠶᠠᠲᠤᠭ᠎ᠠ᠂ ᠶᠠᠲᠤᠭᠠᠯᠢᠭᠠ᠂ ᠲᠥᠷᠥ ᠶᠢᠨ ᠶᠡᠬᠡ ᠶᠠᠲᠤᠭ᠎ᠠ᠂ ᠪᠠᠭ᠎ᠠ ᠶᠠᠲᠤᠭ᠎ᠠ᠂ ᠴᠠᠯ ᠶᠠᠲᠤᠭ᠎ᠠ》 ᠭᠡᠬᠦ ᠵᠡᠷᠭᠡ ᠣᠯᠠᠨ ᠢ ᠨᠡᠷᠡᠯᠡᠳᠡᠭ ᠪᠠᠶᠢᠨ᠎ᠠ᠃ ᠲᠡᠭᠦᠨᠴᠢᠯᠡᠨ 17-18 ᠳᠤᠭᠠᠷ ᠵᠠᠭᠤᠨ ᠤ ᠦᠶᠡᠰ ᠡᠬᠢᠯᠡᠨ ᠰᠦᠮ᠎ᠡ ᠬᠡᠶᠢᠳ ᠦᠨ ᠨᠣᠮ ᠤᠨ ᠨᠠᠶᠢᠷ ᠪᠣᠯᠤᠨ ᠪᠢᠰᠢᠯᠭᠠᠯ ᠤᠨ ᠳᠠᠭᠤᠤ ᠪᠤᠶᠤ ᠣᠶᠤᠨ ᠤᠬᠠᠭᠠᠨ ᠬᠥᠭᠵᠢᠭᠦᠯᠬᠦ ᠳᠠᠭᠤᠤ ᠭᠦᠷᠦ ᠳᠠᠭᠤᠨ ᠤ ᠠᠶᠠᠯᠭᠤ ᠶᠢ ᠤᠶᠠᠩᠭᠠᠯᠠᠭᠤᠯᠤᠨ ᠬᠥᠭᠵᠢᠮᠳᠡᠳᠡᠭ ᠪᠠᠶᠢᠭᠰᠠᠨ ᠲᠠᠯ᠎ᠠ ᠪᠠᠷ ᠡᠬᠡ ᠪᠢᠴᠢᠭ ᠦᠨ ᠰᠤᠷᠪᠤᠯᠵᠢ ᠣᠯᠳᠠᠭᠰᠠᠨ ᠪᠣᠯᠤᠨ᠎ᠠ᠃ ᠬᠠᠷᠢᠨ 19-20  ᠳᠤᠭᠠᠷ ᠵᠠᠭᠤᠨ ᠤ ᠦᠶᠡᠰ ᠶᠠᠲᠤᠭ᠎ᠠ ᠬᠥᠭᠵᠢᠮ ᠢ ᠴᠥᠭᠡᠭᠦᠯᠡ ᠨᠠᠶᠢᠷᠠᠯ ᠬᠥᠭᠵᠢᠮ ᠦᠨ ᠲᠥᠷᠥᠯ ᠵᠦᠢᠯ ᠳᠦ ᠣᠷᠣᠭᠤᠯᠤᠨ ᠥᠷᠥᠨᠡᠲᠦ ᠶᠢᠨ ᠬᠥᠭᠵᠢᠮ ᠦᠨ ᠰᠣᠩᠭᠣᠳᠠᠭ ᠵᠣᠬᠢᠶᠠᠯ ᠪᠦᠲᠦᠭᠡᠯ᠂ ᠪᠠ ᠢᠯᠠᠩᠭᠤᠶ᠎ᠠ 20 ᠳᠤᠭᠠᠷ ᠵᠠᠭᠤᠨ ᠤ ᠡᠬᠢᠨ ᠦᠶᠡᠰ ᠰᠤᠷᠭᠠᠯᠲᠠ ᠰᠤᠷᠲᠠᠯᠴᠢᠯᠠᠭᠠᠨ ᠤ ᠪᠣᠯᠤᠨ ᠭᠣᠴᠣᠯᠠᠯ᠂ ᠬᠣᠷᠰᠢᠯ᠂ ᠭᠤᠷᠪᠠᠯ᠂ ᠳᠥᠷᠪᠡᠯ ᠪᠣᠯᠤᠨ ᠠᠷᠠᠳ ᠤᠨ ᠴᠥᠭᠡᠭᠦᠯᠡ ᠬᠥᠭᠵᠢᠮ ᠦᠨ ᠬᠠᠮᠲᠤᠯᠢᠭ ᠲᠠᠪᠤᠯ᠂ ᠵᠢᠷᠭᠤᠭᠤᠯᠠ᠂ ᠴᠥᠭᠡᠭᠦᠯᠡ ᠳᠠᠩ ᠶᠠᠲᠤᠭ᠎ᠠ ᠶᠢᠨ ᠴᠢᠭᠤᠯᠭ᠎ᠠ᠂ ᠰᠢᠳᠤᠷᠭᠤ ᠶᠠᠲᠤᠭ᠎ᠠ ᠶᠢᠨ ᠴᠢᠭᠤᠯᠭ᠎ᠠ᠂ ᠠᠷᠠᠳ ᠤᠨ ᠶᠡᠬᠡ ᠨᠠᠶᠢᠷᠠᠯ ᠬᠥᠭᠵᠢᠮ᠎ᠡ ᠪᠣᠯᠤᠨ ᠲᠠᠶᠢᠰᠠᠨ ᠤ ᠺᠣᠨᠼᠧᠷᠲ ᠤᠨ ᠬᠥᠲᠥᠯᠪᠦᠷᠢ ᠳᠦ ᠥᠷᠭᠡᠨ ᠢᠶᠡᠷ ᠣᠷᠣᠭᠤᠯᠤᠭᠰᠠᠨ ᠪᠣᠯᠤᠨ᠎ᠠ᠃


ᠲᠦᠯᠬᠢᠭᠦᠷ

ᠦᠭᠡᠰ[edit]

үндэсний хөгжим, ардын хөгжим, ятга

ᠡᠬᠡ ᠰᠤᠷᠪᠤᠯᠵᠢ

ᠤᠷᠠᠯᠢᠭ ᠰᠠᠢᠢᠲ

ᠯᠤ᠊᠂ᠡᠷᠳᠡᠨᠢᠴᠢᠮᠡᠭ᠃ ᠤᠯᠠᠮᠵᠢᠯᠠᠯᠲᠤ ᠮᠣᠩᠭᠣᠯ ᠶᠠᠲᠤᠭ᠎ᠠ ᠶᠢᠨ ᠲᠡᠦᠬᠡ ᠡᠴᠡ