ᠳᠠᠮᠪᠠᠢᠢᠨᠣᠸᠠ᠂ ᠰᠸᠧᠲ᠋ᠯᠠᠨᠠ ᠠᠯᠧᠻᠰᠠᠨ᠍ᠲᠷᠣᠸᠨᠠ
ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ
ᠨᠠᠮᠲᠠᠷ
ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ ᠨᠧᠦᠷᠣ-ᠪᠢᠣᠯᠥᠭᠢᠴᠢ᠂ ᠨᠧᠦᠷᠣ -ᠬᠢᠮᠢᠴᠢ ᠡᠷᠳᠡᠮᠲᠡᠨ᠂ ᠳ᠋ᠣᠻᠲ᠋ᠣᠷ᠂ ᠫᠷᠣᠹᠧᠰᠰᠣᠷ
ᠡᠵᠢ ᠠᠪᠤ ᠬᠣᠶᠠᠷ ᠨᠢ ᠮᠣᠩᠭᠣᠯ ᠡᠴᠡ ᠰᠢᠯᠵᠢᠵᠦ ᠣᠴᠢᠭᠰᠠᠨ ᠤ ᠳᠠᠷᠠᠭᠠᠬᠠᠨ 1949 ᠣᠨ ᠳ᠋ᠤ ᠡᠷᠡᠬᠦᠦ ᠮᠤᠵᠢ ᠳ᠋ᠤ ᠮᠡᠨᠳᠦᠯᠡᠭᠰᠡᠨ᠃[1]
ᠶᠡᠷᠦᠩᠬᠡᠢ ᠪᠣᠯᠪᠠᠰᠤᠷᠠᠯ ᠦ᠋ᠨ ᠰᠤᠷᠭᠠᠭᠤᠯᠢ ᠢ ᠪᠠᠨ ᠮᠥᠩᠭᠦᠨ ᠮᠧᠳᠠᠯ ᠲᠠᠢ ᠲᠡᠭᠦᠰᠴᠡᠢ᠃
ᠡᠵᠢ ᠨᠢ ᠡᠮᠨᠡᠯᠭᠡ ᠶ᠋ᠢᠨ ᠠᠵᠢᠯᠲᠠᠨ ᠪᠠᠢᠢᠭᠰᠠᠨ ᠲᠤᠯᠠ ᠦᠬᠢᠨ ᠢ ᠪᠠᠨ ᠡᠮᠴᠢ ᠪᠣᠯᠭᠠᠬᠤ ᠬᠦᠰᠡᠯ ᠲᠠᠢ ᠪᠠᠢᠢᠵᠡᠢ᠃
ᠡᠷᠡᠬᠦᠦ ᠶ᠋ᠢᠨ ᠶᠡᠬᠡ ᠰᠤᠷᠭᠠᠭᠭᠤᠯᠢ ᠢ 1971 ᠣᠨ ᠳ᠋ᠤ ᠬᠢᠮᠢ ᠶ᠋ᠢᠨ ᠮᠡᠷᠭᠡᠵᠢᠯ ᠶ᠋ᠢᠡᠷ ᠲᠡᠭᠦᠰᠬᠡᠵᠡᠢ᠃
ᠯᠧᠨᠢᠨᠭᠷᠠᠳ᠋ (ᠡᠳᠦᠭᠡ ᠶ᠋ᠢᠨ ᠰᠠᠨ᠍ᠻᠲ ᠫᠧᠲ᠋ᠧᠷᠪᠦ᠋ᠷᠭ᠌) ᠬᠣᠲᠠ ᠳ᠋ᠠᠬᠢ ᠲᠤᠷᠰᠢᠯᠲᠠ ᠶ᠋ᠢᠨ ᠠᠨᠠᠭᠠᠬᠤ ᠤᠬᠠᠭᠠᠨ ᠤ ᠬᠦᠷᠢᠶᠯᠡᠩ ᠳ᠋ᠦ 1976 ᠣᠨ ᠳ᠋ᠤ ᠳᠡᠳ᠋ ᠡᠷᠳᠡᠮᠲᠡᠨ ᠦ ᠵᠡᠷᠭᠡ ᠬᠠᠮᠠᠭᠠᠯᠠᠭᠰᠠᠨ᠃
ᠲᠤᠷᠰᠢᠯᠲᠠ ᠶ᠋ᠢᠨ ᠠᠨᠠᠭᠠᠬᠤ ᠤᠬᠠᠭᠠᠨ ᠤ ᠬᠦᠷᠢᠶᠯᠡᠩ ᠦ᠋ᠨ ᠵᠣᠬᠢᠷᠤᠯ ᠠᠻᠠᠳᠧᠨᠢᠴᠢ ᠨᠠᠲᠠᠯᠶᠠ ᠪᠧᠻᠲ᠋ᠧᠷᠧᠸᠠ ᠶ᠋ᠢᠨ ᠤᠷᠢᠯᠭ ᠠ᠋ ᠪᠠᠷ 1976 ᠣᠨ ᠡᠴᠡ ᠲᠤᠰ ᠬᠦᠷᠢᠶᠡᠯᠡᠩ ᠳ᠋ᠦ ᠠᠵᠢᠯᠯᠠᠬᠤ ᠪᠣᠯᠵᠡᠢ᠃
ᠠᠻᠠᠳᠧᠮᠢᠴᠢ ᠨᠠᠲ᠋ᠠᠯᠶᠠ ᠪᠧᠻᠧᠲ᠋ᠧᠷᠧᠸᠠНаталья Бехтерева ᠹᠦᠨ᠍ᠻᠼᠢᠶᠣᠨᠠᠯfunctional ᠨᠧᠦᠷᠣ-ᠬᠢᠮᠢ ᠶ᠋ᠢᠨ ᠪᠦᠯᠦᠭ ᠨᠡᠭᠡᠵᠦ ᠰᠸᠧᠲ᠋ᠯᠠᠨᠠ ᠳᠠᠮᠪᠠᠢᠢᠨᠣᠸᠠ ᠢ ᠠᠵᠢᠯᠯᠠᠭᠤᠯᠤᠭᠰᠠᠨ ᠨᠢ ᠬᠣᠵᠢᠮ ᠬᠦᠮᠦᠨ ᠦ ᠲᠠᠷᠢᠬᠢ ᠰᠤᠳᠤᠯᠤᠯ ᠤᠨ ᠬᠦᠷᠢᠶᠡᠯᠡᠩ ᠦᠨ ᠮᠣᠯᠧᠻᠦ᠋ᠯᠠᠷ ᠨᠡᠦᠷᠣ-ᠪᠢᠣᠯᠣᠭᠢ ᠶ᠋ᠢᠨ ᠯᠠᠪᠣᠷᠠᠲ᠋ᠣᠷᠢ ᠪᠣᠯᠵᠤ ᠥᠷᠭᠡᠵᠢᠵᠡᠢ᠃[2]
ᠡᠵᠢ ᠨᠢ 3 ᠤᠳᠠᠭ ᠠ᠋ ᠲᠠᠷᠢᠬᠢᠨ ᠳ᠋ᠤ ᠨᠢ ᠴᠢᠰᠤ ᠬᠠᠷᠪᠠᠵᠤ᠂ 12 ᠵᠢᠯ ᠬᠡᠪᠲᠡᠷ ᠲᠦ ᠪᠠᠢᠢᠭᠰᠠᠨ ᠨᠢ ᠴᠢᠰᠤ ᠬᠠᠷᠪᠠᠯᠲᠠ ᠶ᠋ᠢᠨ ᠲᠠᠯ ᠠ᠋ ᠪᠠᠷ ᠬᠢ ᠰᠤᠳᠤᠯᠭᠠᠨ ᠳ᠋ᠤ ᠠᠩᠬᠠᠷᠠᠯ ᠬᠠᠨᠳᠤᠭᠤᠯᠵᠤ ᠠᠵᠢᠯᠯᠠᠬᠤ ᠳ᠋ᠤ ᠨᠢ ᠲᠣᠳᠤᠷᠬᠠᠢ ᠬᠡᠮᠢᠶ ᠡ᠋ ᠪᠡᠷ ᠨᠥᠯᠦᠭᠡᠯᠡᠭᠰᠡᠨ ᠪᠠᠢᠢᠨ ᠠ᠋᠃[2]
ᠠᠰᠫᠢᠷᠠᠨ᠍ᠲ᠋ᠦ᠋ᠷ ᠲᠤ ᠰᠤᠷᠤᠯᠴᠠᠵᠤ ᠠᠬᠤᠢ ᠦᠶᠡᠰ ᠲᠦ ᠪᠡᠨ᠂ ᠲᠤᠰ ᠬᠦᠷᠢᠶᠡᠯᠡᠩ ᠳ᠋ᠦ ᠮᠡᠷᠭᠡᠵᠢᠯ ᠳᠡᠭᠡᠰᠢᠯᠡᠭᠦᠯᠬᠦ ᠪᠡᠷ ᠢᠷᠡᠭᠰᠡᠨ ᠻᠦᠪᠠ ᠤᠯᠤᠰ ᠤᠨ ᠢᠷᠭᠡᠨ ᠮᠠᠷᠢᠶᠣ ᠡᠰᠲ᠋ᠧᠸᠧᠽ ᠪᠠᠧᠽMario Estévez-Báez ᠲᠠᠢ ᠲᠠᠨᠢᠯᠴᠠᠵᠤ ᠬᠠᠢᠯᠠᠭᠰᠨᠨ ᠪᠠᠢᠢᠨ ᠠ᠋᠃
ᠭᠡᠪᠴᠢ 1992 ᠣᠨ ᠳ᠋ᠤ ᠮᠠᠷᠢᠶᠣ ᠴᠡᠷᠡᠭ ᠦᠨ ᠡᠮᠴᠢ ᠶ᠋ᠢᠨ ᠬᠤᠪᠢ ᠳ᠋ᠤ ᠣᠷᠣᠰ ᠣᠷᠤᠨ ᠳ᠋ᠤ ᠦᠯᠡᠳᠡᠬᠦ ᠪᠣᠯᠤᠮᠵᠢ ᠦᠭᠡᠢ᠂ ᠬᠠᠷᠢᠨ ᠰᠸᠧᠲ᠋ᠯᠠᠨᠠ ᠬᠡᠪᠲᠡᠷᠢ ᠶ᠋ᠢᠨ ᠡᠬᠢ ᠶ᠋ᠢ ᠪᠡᠨ ᠣᠷᠬᠢᠭᠠᠳ ᠶᠠᠪᠤᠬᠤ ᠪᠣᠯᠤᠮᠵᠢ ᠦᠭᠡᠢ ᠪᠠᠢᠢᠳᠠᠯ ᠦ᠋ᠨ ᠤᠯᠠᠮ ᠡᠴᠡ ᠬᠠᠭᠠᠴᠠᠭᠰᠠᠨ ᠠᠵᠡᠢ᠃
ᠠᠮᠧᠷᠢᠻ ᠦ᠋ᠨ ᠨᠢᠭᠡᠳᠦᠭᠰᠡᠨ ᠤᠯᠤᠰ ᠦ᠋ᠨ ᠡᠷᠡᠭᠦᠯ ᠮᠡᠨᠳᠦ ᠶ᠋ᠢᠨ ᠦᠨᠳᠦᠰᠦᠨ ᠦ ᠬᠦᠷᠢᠶᠡᠯᠡᠩ ᠳ᠋ᠦNational Institutes of Health ᠮᠡᠷᠭᠡᠵᠢᠯ ᠳᠡᠭᠡᠰᠢᠯᠡᠭᠦᠯᠵᠦ᠂ ᠮᠥᠨ ᠤᠯᠤᠰ ᠦ᠋ᠨ ᠮᠡᠳᠡᠷᠡᠯ ᠵᠦᠢ ᠶ᠋ᠢᠨ ᠡᠮᠭᠡᠭ᠂ ᠴᠢᠰᠤ ᠬᠠᠷᠪᠠᠯᠲᠠ ᠶ᠋ᠢᠨNational Institute of Neurological Disorders and Stroke ᠰᠤᠳᠤᠯᠭᠠᠨ ᠤ ᠦᠨᠳᠦᠰᠨ ᠦ ᠬᠦᠷᠢᠶᠡᠯᠡᠩ ᠳ᠋ᠦ ᠭᠯᠦ᠋ᠲ᠋ᠠᠮᠠᠲ ᠷᠧᠼᠧᠫᠲ᠋ᠣᠷ ᠦ᠋ᠨglutamate (neurotransmitter) ᠤᠳᠠᠮ ᠵᠦᠢ ᠶ᠋ᠢᠨ ᠰᠤᠳᠤᠯᠭᠠᠨ ᠤ ᠬᠥᠲᠦᠯᠪᠦᠷᠢ ᠳ᠋ᠦ ᠣᠷᠤᠯᠴᠠᠭᠰᠠᠨ᠃ [3]
ᠠᠮᠧᠷᠢᠻ ᠦ᠋ᠨ ᠨᠢᠭᠡᠳᠦᠭᠰᠡᠨ ᠤᠯᠤᠰ ᠦ᠋ᠨ ᠠᠲ᠋ᠯᠠᠨ᠍ᠲ᠋ᠠ ᠳᠠᠬᠢ ᠠᠨᠠᠭᠠᠬᠤ ᠤᠬᠠᠭᠠᠨ ᠤ ᠳ᠋ᠧᠻᠠᠯᠪ ᠲᠥᠪ ᠳ᠋ᠦ 2000 ᠣᠨ ᠡᠴᠡ ᠡᠬᠢᠯᠡᠨ ᠯᠠᠪᠣᠷᠠᠲ᠋ᠣᠷᠢ ᠪᠠᠢᠢᠭᠤᠯᠤᠨ ᠠᠵᠢᠯᠯᠠᠭᠰᠠᠨ ᠪᠠᠢᠢᠨ ᠠ᠋᠃
ᠠᠻᠠᠳᠧᠮᠢᠴᠢ ᠫᠠᠸᠯᠣᠹ ᠦ᠋ᠨПавлов ᠨᠡᠷᠡᠮᠵᠢᠲᠦ ᠰᠠᠨ᠍ᠻᠲ ᠫᠧᠲ᠋ᠧᠷᠪᠦ᠋ᠷᠭ᠌ ᠦ᠋ᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶ᠋ᠢᠨ ᠮᠡᠳᠡᠷᠡᠯ ᠰᠤᠳᠤᠯᠤᠯ ᠦ᠋ᠨ ᠲᠢᠩᠬᠢᠮ ᠦ᠋ᠨ ᠣᠯᠠᠨ ᠤᠯᠤᠰ ᠤᠨ ᠲᠥᠰᠦᠯ ᠦ᠋ᠨ ᠵᠠᠬᠢᠷᠤᠯ᠃[4]
ᠦᠢᠯᠡ ᠬᠡᠷᠡᠭ
ᠰᠤᠳᠤᠯᠭ ᠠ᠋
ᠪᠦᠲᠦᠭᠡᠯ ᠦ᠋ᠳ
ᠨᠡᠢᠢᠲᠡᠯᠡᠭᠦᠯᠦᠭᠰᠡᠨ
ᠣᠶᠤᠨ ᠰᠠᠨᠠᠭᠠᠨ ᠤ ᠦᠢᠯᠡ ᠠᠵᠢᠯᠯᠠᠭ ᠠ᠋
ᠪᠤᠷᠬᠠᠨ ᠤ ᠱᠠᠰᠢᠨ
ᠭᠡᠷ ᠪᠦᠯᠢ
ᠬᠡᠦᠬᠡᠳ᠂ ᠠᠴᠢ ᠬᠦᠪᠡᠭᠦᠨ᠂ ᠠᠴᠢ ᠦᠬᠢᠨ
ᠡᠬᠢ ᠰᠤᠷᠪᠤᠯᠵᠢ
- ↑ https://gazeta-n1.ru/news/society/91539/ Номер Один. Бурятский олигарх построил бизнес на чужом изобретении. ᠬᠠᠨᠳᠤᠭᠰᠠᠨ 2020/11/14
- ↑ Jump up to: 2.0 2.1 Иш татахад гарсан алдаа: Invalid
<ref>
tag; no text was provided for refs named:0
- ↑ Dambinova, SA; Granstrem, OK (2001). "The role of glutamate receptors in the mechanisms of formation of epilepsy". Neurochemistry.
- ↑ https://www.1spbgmu.ru/ru/obrazovanie/kafedry/197-glavnaya/universitet/sructure/kafedry/klinicheskie/kafedra-nevrologii-i-nejrokhirurgii-s-klinikoj/1403-aleksandr-anisimovich-skoromets Первый Санкт-Петербургский государственный медицинский университет им. акад. И.П. Павлова. Александр Анисимович Скоромец. ᠬᠠᠨᠳᠤᠭᠰᠠᠨ 2020/11/16