ᠬᠢᠮᠢ ᠊ᠢᠢᠨ ᠬᠥᠳᠡᠯᠭᠡᠭᠦᠷᠲᠦ ᠫᠤᠤᠵᠢᠩ
ᠫᠤᠤᠵᠢᠩ ᠤᠨ ᠬᠢᠮᠢ ᠶ᠋ᠢᠨ ᠬᠥᠳᠡᠯᠭᠡᠭᠦᠷ
|
ᠲᠡᠶ᠋ᠢᠷᠦᠯᠲᠡ ᠪᠣᠯ ᠬᠥᠯᠭᠡ ᠶ᠋ᠢ ᠤᠷᠤᠭᠰᠢᠯᠠᠭᠤᠯᠤᠨ ᠬᠥᠳᠡᠯᠭᠡᠬᠦ ᠬᠦᠴᠦ ᠶᠤᠮ᠃<ref name=":0">https://www.grc.nasa.gov/www/k-12/airplane/rocket.html National Aeronautics and Space Administration. Rocket propulsion. ᠬᠠᠨᠳᠤᠭᠰᠠᠨ 2020/12/10</ref>
ᠲᠡᠢᠢᠷᠦᠯᠲᠡ ᠶ᠋ᠢ ᠫᠤᠦᠵᠢᠩ ᠤᠨ ᠬᠥᠳᠡᠯᠭᠡᠭᠦᠷ ᠡᠭᠦᠰᠬᠡᠨ ᠡ᠋᠃
ᠫᠤᠤᠵᠢᠩ ᠤᠨ ᠬᠢᠮᠢ ᠶ᠋ᠢᠨ ᠬᠥᠳᠡᠯᠭᠡᠭᠦᠷ ᠲᠦ ᠬᠢᠮᠢ ᠶ᠋ᠢᠨ ᠰᠢᠲᠠᠬᠤ ᠤᠷᠪᠠᠯ ᠢᠢᠠᠷ ᠬᠠᠯᠠᠭᠤᠨ ᠢᠯᠠᠭᠠᠷᠠᠵᠤ᠂ ᠲᠡᠭᠦᠨ ᠢ ᠮᠧᠻᠠᠨᠢᠻ ᠬᠥᠳᠡᠯᠭᠡᠭᠡᠨ ᠦ ᠧᠨᠧᠷᠭᠢ ᠳ᠋ᠦ ᠬᠤᠪᠢᠷᠭᠠᠨ ᠠ᠋᠃
ᠬᠢᠮᠢ ᠢᠢᠨ ᠬᠥᠳᠡᠯᠭᠡᠭᠦᠷ ᠬᠠᠲᠠᠭᠤ ᠲᠦᠯᠡᠰᠢ ᠲᠡᠢ ᠬᠢᠭᠡᠳ ᠰᠢᠩᠭᠡᠨ ᠲᠦᠯᠡᠰᠢ ᠲᠡᠢ ᠬᠡᠮᠡᠬᠦ ᠬᠣᠶᠠᠷ ᠲᠥᠷᠦᠯ ᠪᠠᠢᠢᠨ ᠠ᠋᠃
ᠰᠢᠩᠭᠡᠨ ᠲᠦᠯᠡᠰᠢᠲᠦ ᠬᠥᠳᠡᠯᠭᠡᠭᠦᠷ
kerosene ᠻᠧᠷᠣᠰᠢᠨ᠍
liquid oxygen ᠰᠢᠩᠭᠡᠷᠡᠭᠦᠯᠦᠭᠰᠡᠨ ᠬᠦᠴᠢᠯ ᠲᠥᠷᠦᠭᠴᠢ
fuel pumps ᠰᠢᠬᠠᠭᠤᠷᠭ ᠠ᠋
valves ᠬᠠᠪᠬᠠᠯᠭ ᠠ᠋
combustion chamber ᠰᠢᠲᠠᠬᠤ ᠲᠠᠰᠤᠯᠠᠪᠴᠢ
ᠰᠢᠩᠭᠡᠨ ᠲᠦᠯᠡᠰᠢᠲᠦ ᠫᠤᠤᠵᠢᠩ ᠤᠨ ᠬᠥᠳᠡᠯᠭᠡᠭᠦᠷ ᠲᠦ ᠰᠢᠩᠭᠡᠨ ᠲᠥᠯᠦᠪ ᠲᠡᠢ ᠰᠢᠲᠠᠬᠤᠨ ᠪᠠ ᠢᠰᠦᠯᠳᠦᠭᠦᠯᠦᠭᠴᠢ ᠲᠤᠰ ᠲᠤᠰ ᠲᠤ ᠪᠠᠨ ᠬᠠᠳᠠᠭᠠᠯᠠᠭᠳᠠᠬᠤ ᠪᠠ ᠲᠡᠳᠡᠭᠡᠷ ᠢ ᠰᠢᠲᠠᠬᠤ ᠻᠠᠮᠧᠷ ᠲᠤ ᠰᠢᠬᠠᠨ ᠣᠷᠤᠭᠤᠯᠵᠤ ᠰᠢᠲᠠᠯᠲᠠ ᠶᠠᠪᠤᠭᠤᠯᠳᠠᠭ᠃<ref name=":0" />
ᠰᠢᠩᠭᠡᠨ ᠲᠦᠯᠡᠰᠢᠲᠦ ᠫᠤᠤᠵᠢᠩ ᠤᠨ ᠰᠢᠲᠠᠬᠤᠨ ᠨᠢ ᠰᠢᠩᠭᠡᠷᠡᠭᠦᠯᠦᠭᠰᠡᠨ ᠤᠰᠤ ᠲᠥᠷᠦᠭᠴᠢ᠂ ᠡᠰᠡᠪᠡᠯ ᠻᠧᠷᠣᠰᠢᠨkerosn ᠪᠠᠢᠢᠵᠤ ᠪᠣᠯᠤᠨ ᠠ᠋᠃
ᠢᠰᠦᠯᠳᠦᠭᠦᠯᠦᠭᠴᠢ ᠨᠢ ᠰᠢᠩᠭᠡᠷᠡᠭᠦᠯᠦᠭᠰᠡᠨ ᠬᠦᠴᠢᠯ ᠲᠥᠷᠦᠭᠴᠢ᠂ ᠡᠰᠡᠪᠡᠯ ᠤᠰᠤ ᠲᠥᠷᠦᠭᠴᠢ ᠶ᠋ᠢᠨ ᠬᠡᠲᠦ ᠢᠰᠦᠯ ᠪᠠᠢᠢᠵᠤ ᠪᠣᠯᠤᠨ ᠠ᠋᠃
ᠬᠣᠶᠠᠷ ᠲᠦᠯᠡᠰᠢᠲᠦ (ᠰᠢᠲᠠᠬᠤᠨ ᠪᠠ ᠢᠰᠦᠯᠳᠡᠭᠦᠯᠦᠭᠴᠢ) ᠬᠥᠳᠡᠯᠭᠡᠭᠦᠷ ᠦᠨ ᠵᠡᠷᠭᠡᠴᠡᠭᠡ ᠨᠢᠭᠡ ᠪᠠ ᠭᠤᠷᠪᠠᠨ ᠲᠦᠯᠡᠰᠢᠲᠦ ᠬᠤᠪᠢᠯᠪᠤᠷᠢ ᠨᠤᠭᠤᠳ ᠪᠤᠢ᠃
ᠨᠢᠭᠡ ᠲᠦᠯᠡᠰᠢ ᠲᠡᠢ ᠨᠢ ᠻᠠᠲᠠᠯᠢᠽᠠᠲ᠋ᠣᠷ ᠲᠠᠢ ᠬᠠᠷᠢᠴᠠᠮᠠᠭᠴᠠ ᠵᠠᠳᠠᠷᠠᠯ ᠳ᠋ᠤ ᠣᠷᠤᠵᠤ᠂ ᠬᠠᠯᠠᠭᠤᠨ ᠬᠡᠢ ᠡᠭᠦᠰᠬᠡᠳᠡᠭ ᠪᠣᠳᠠᠰ ᠬᠡᠷᠡᠭᠯᠡᠳᠡᠭ᠃ ᠢᠰᠦᠯᠳᠡᠭᠦᠯᠦᠭᠴᠢ ᠪᠠ ᠰᠢᠲᠠᠬᠤᠨ ᠭᠡᠰᠡᠨ ᠬᠣᠶᠠᠷ ᠪᠦᠷᠡᠯᠳᠡᠬᠦᠨ ᠲᠡᠢ ᠲᠦᠯᠡᠰᠢ ᠬᠡᠷᠡᠭ ᠦᠭᠡᠢ᠃ ᠨᠢᠭᠡ ᠲᠦᠯᠡᠰᠢᠲᠦ ᠬᠥᠳᠡᠯᠭᠡᠭᠦᠷ ᠲᠦ ᠬᠠᠮᠤᠭ ᠤᠨ ᠲᠦᠭᠡᠮᠡᠯ ᠬᠡᠷᠡᠭᠯᠡᠳᠡᠭ ᠲᠦᠯᠡᠰᠢ ᠾᠢᠲᠷᠠᠽᠢᠨ (N2H4)᠂ ᠲᠡᠭᠦᠨ ᠊ᠦ ᠻᠠᠲᠠᠯᠢᠽᠠᠲᠣᠷ ᠨᠢ ᠢᠷᠢᠳᠢᠦᠮ (Ir) ᠪᠦᠬᠡᠪᠴᠢ ᠲᠡᠢ ᠬᠥᠩᠭᠡᠨ ᠴᠠᠭᠠᠨ ᠤ ᠢᠰᠦᠯ ᠦᠷᠢᠯ ᠨᠤᠨᠲᠠᠭ ᠬᠡᠯᠪᠡᠷᠢ ᠪᠡᠷ ᠪᠠᠢᠢᠳᠠᠭ<ref>https://ir.aerojetrocketdyne.com/news-releases/news-release-details/aerojet-announces-licensing-and-manufacture-spontaneous?releaseid=708514 Aerojet Rocketdyne Holdings, Inc. ᠬᠠᠨᠳᠤᠭᠰᠠᠨ 2020/12/25</ref>᠃ ᠾᠶᠲᠷᠠᠽᠢᠨ ᠵᠠᠳᠠᠷᠠᠭᠰᠠᠨ ᠢᠢᠠᠷ 1000°C ᠬᠠᠯᠠᠭᠤᠨ ᠠᠽᠣᠲ (N)᠂ ᠤᠰᠤ ᠲᠥᠷᠦᠭᠴᠢ (H2)᠂ ᠠᠮᠮᠣᠨᠢammonium ᠬᠡᠢ ᠢᠢᠨ ᠬᠣᠯᠢᠮᠠᠭ ᠢᠯᠭᠠᠷᠠᠨ ᠠ᠋᠃ ᠮᠥᠨ ᠤᠰᠤ ᠲᠥᠷᠦᠭᠴᠢ ᠢᠢᠨ ᠬᠡᠲᠦ ᠢᠰᠦᠯ ᠢ (H2O2) ᠲᠦᠯᠡᠰᠢ ᠪᠣᠯᠭᠠᠨ ᠠᠰᠢᠭᠯᠠᠳᠠᠭ᠃
ᠬᠠᠲᠠᠭᠤ ᠲᠥᠯᠡᠰᠢᠲᠦ ᠬᠥᠳᠡᠯᠭᠡᠭᠦᠷ
|
ᠬᠠᠷᠢᠨ ᠬᠠᠲᠠᠭᠤ ᠲᠦᠯᠡᠰᠢᠲᠦ ᠫᠤᠤᠵᠢᠩᠭ ᠤᠨ ᠬᠥᠳᠡᠯᠭᠡᠭᠦᠷ ᠲᠦ ᠠᠵᠢᠯ ᠤᠨ ᠪᠣᠳᠠᠰ ᠤᠳ ᠢ ᠬᠠᠮᠲᠤ ᠳ᠋ᠤ ᠨᠢ ᠬᠣᠯᠢᠭᠰᠠᠨ ᠪᠠᠢᠢᠬᠤ ᠠᠭᠠᠳ ᠬᠠᠲᠠᠭᠤ ᠪᠣᠷᠲᠤᠭᠤ ᠬᠡᠯᠪᠡᠷᠢ ᠶ᠋ᠢᠡᠷ ᠨᠢᠭᠲᠠᠷᠠᠭᠤᠯᠤᠭᠰᠠᠨ ᠪᠠᠢᠢᠳᠠᠭ<ref name=":0" />᠃
|
ᠬᠣᠣᠰᠮᠠᠭ ᠬᠥᠳᠡᠯᠭᠡᠭᠦᠷ
bloc de propergol ᠬᠠᠲᠠᠭᠤ ᠲᠦᠯᠡᠰᠢ
vanne ᠬᠠᠪᠬᠠᠯᠭᠠ
système d'allumage ᠭᠠᠯ ᠥᠭᠬᠦ
injecteur ᠰᠦᠷᠴᠢᠭᠦᠷ
tuyère ᠴᠣᠷᠭᠤ
ᠬᠣᠣᠰᠮᠠᠭ ᠬᠥᠳᠡᠯᠭᠡᠭᠦᠷᠲᠦ ᠫᠤᠤᠵᠢᠩᠭ ᠳᠤ ᠰᠢᠩᠭᠡᠨ ᠢᠰᠦᠯᠳᠡᠭᠦᠯᠦᠭᠴᠢ ᠪᠠ ᠬᠠᠲᠠᠭᠤ ᠰᠢᠲᠠᠬᠤᠨ ᠬᠡᠷᠡᠭᠯᠡᠨ ᠡ᠋᠃
ᠡᠬᠢ ᠰᠤᠷᠪᠤᠯᠵᠢ
<references />