Jump to content

ᠬᠢᠮᠢ ᠊ᠢᠢᠨ ᠬᠥᠳᠡᠯᠭᠡᠭᠦᠷᠲᠦ ᠫᠤᠤᠵᠢᠩ

Wikibilig-с
20:13, 25 Арванхоёрдугаар сар 2020-ий байдлаарх Khuree Khairaa (хэлэлцүүлэг | оруулсан хувь нэмэр) хэрэглэгчийн хийсэн залруулга

ᠫᠤᠤᠵᠢᠩ ‍ᠤᠨ ᠬᠢᠮᠢ ᠶ᠋ᠢᠨ ᠬᠥᠳᠡᠯᠭᠡᠭᠦᠷ

Файл:Falcon Heavy Side Boosters landing on LZ1 and LZ2 - 2018 (25254688767).jpg
ᠹᠠᠯᠻᠣᠨ ᠾᠧᠸᠢFalcon Heavy ᠫᠤᠤᠵᠢᠩ ‍ᠤᠨ
ᠬᠣᠣᠰ ᠬᠤᠷᠳᠤᠰᠬᠠᠭᠴᠢ
ᠨᠢᠭᠡᠨ ᠵᠡᠷᠭᠡ ᠭᠠᠵᠷᠳᠠᠵᠤ ᠪᠠᠢᠢᠭ᠎ ‍ᠠ᠋ ᠠᠨᠤ

ᠲᠡᠶ᠋ᠢᠷᠦᠯᠲᠡ ᠪᠣᠯ ᠬᠥᠯᠭᠡ ᠶ᠋ᠢ ᠤᠷᠤᠭᠰᠢᠯᠠᠭᠤᠯᠤᠨ ᠬᠥᠳᠡᠯᠭᠡᠬᠦ ᠬᠦᠴᠦ ᠶᠤᠮ᠃<ref name=":0">https://www.grc.nasa.gov/www/k-12/airplane/rocket.html National Aeronautics and Space Administration. Rocket propulsion. ᠬᠠᠨᠳᠤᠭᠰᠠᠨ 2020/12/10</ref>

ᠲᠡᠢᠢᠷᠦᠯᠲᠡ ᠶ᠋ᠢ ᠫᠤᠦᠵᠢᠩ ‍ᠤᠨ ᠬᠥᠳᠡᠯᠭᠡᠭᠦᠷ ᠡᠭᠦᠰᠬᠡᠨ᠎ ‍ᠡ᠋᠃

ᠫᠤᠤᠵᠢᠩ ‍ᠤᠨ ᠬᠢᠮᠢ ᠶ᠋ᠢᠨ ᠬᠥᠳᠡᠯᠭᠡᠭᠦᠷ ᠲᠦ ᠬᠢᠮᠢ ᠶ᠋ᠢᠨ ᠰᠢᠲᠠᠬᠤ ᠤᠷᠪᠠᠯ ‍ᠢᠢᠠᠷ ᠬᠠᠯᠠᠭᠤᠨ ᠢᠯᠠᠭᠠᠷᠠᠵᠤ᠂ ᠲᠡᠭᠦᠨ ‍ᠢ ᠮᠧᠻᠠᠨᠢᠻ ᠬᠥᠳᠡᠯᠭᠡᠭᠡᠨ ‍ᠦ ᠧᠨᠧᠷᠭᠢ ᠳ᠋ᠦ ᠬᠤᠪᠢᠷᠭᠠᠨ᠎ ‍ᠠ᠋᠃

ᠬᠢᠮᠢ ‍ᠢᠢᠨ ᠬᠥᠳᠡᠯᠭᠡᠭᠦᠷ ᠬᠠᠲᠠᠭᠤ ᠲᠦᠯᠡᠰᠢ ᠲᠡᠢ ᠬᠢᠭᠡᠳ ᠰᠢᠩᠭᠡᠨ ᠲᠦᠯᠡᠰᠢ ᠲᠡᠢ ᠬᠡᠮᠡᠬᠦ ᠬᠣᠶᠠᠷ ᠲᠥᠷᠦᠯ ᠪᠠᠢᠢᠨ᠎ ‍ᠠ᠋᠃


ᠰᠢᠩᠭᠡᠨ ᠲᠦᠯᠡᠰᠢᠲᠦ ᠬᠥᠳᠡᠯᠭᠡᠭᠦᠷ


Файл:Rocket Anatomy (PSF).png
payload ᠠᠰᠢᠭ ᠲᠠᠢ ᠠᠴᠢᠶ ‍ᠠ᠋
kerosene ᠻᠧᠷᠣᠰᠢᠨ᠍
liquid oxygen ᠰᠢᠩᠭᠡᠷᠡᠭᠦᠯᠦᠭᠰᠡᠨ ᠬᠦᠴᠢᠯ ᠲᠥᠷᠦᠭᠴᠢ
fuel pumps ᠰᠢᠬᠠᠭᠤᠷᠭ᠎ ‍ᠠ᠋
valves ᠬᠠᠪᠬᠠᠯᠭ᠎ ‍ᠠ᠋
combustion chamber ᠰᠢᠲᠠᠬᠤ ᠲᠠᠰᠤᠯᠠᠪᠴᠢ


ᠰᠢᠩᠭᠡᠨ ᠲᠦᠯᠡᠰᠢᠲᠦ ᠫᠤᠤᠵᠢᠩ ‍ᠤᠨ ᠬᠥᠳᠡᠯᠭᠡᠭᠦᠷ ᠲᠦ ᠰᠢᠩᠭᠡᠨ ᠲᠥᠯᠦᠪ ᠲᠡᠢ ᠰᠢᠲᠠᠬᠤᠨ ᠪᠠ ᠢᠰᠦᠯᠳᠦᠭᠦᠯᠦᠭᠴᠢ ᠲᠤᠰ ᠲᠤᠰ ᠲᠤ ᠪᠠᠨ ᠬᠠᠳᠠᠭᠠᠯᠠᠭᠳᠠᠬᠤ ᠪᠠ ᠲᠡᠳᠡᠭᠡᠷ ‍ᠢ ᠰᠢᠲᠠᠬᠤ ᠻᠠᠮᠧᠷ ᠲᠤ ᠰᠢᠬᠠᠨ ᠣᠷᠤᠭᠤᠯᠵᠤ ᠰᠢᠲᠠᠯᠲᠠ ᠶᠠᠪᠤᠭᠤᠯᠳᠠᠭ᠃<ref name=":0" />

ᠰᠢᠩᠭᠡᠨ ᠲᠦᠯᠡᠰᠢᠲᠦ ᠫᠤᠤᠵᠢᠩ ‍ᠤᠨ ᠰᠢᠲᠠᠬᠤᠨ ᠨᠢ ᠰᠢᠩᠭᠡᠷᠡᠭᠦᠯᠦᠭᠰᠡᠨ ᠤᠰᠤ ᠲᠥᠷᠦᠭᠴᠢ᠂ ᠡᠰᠡᠪᠡᠯ ᠻᠧᠷᠣᠰᠢᠨkerosn ᠪᠠᠢᠢᠵᠤ ᠪᠣᠯᠤᠨ᠎ ‍ᠠ᠋᠃

ᠢᠰᠦᠯᠳᠦᠭᠦᠯᠦᠭᠴᠢ ᠨᠢ ᠰᠢᠩᠭᠡᠷᠡᠭᠦᠯᠦᠭᠰᠡᠨ ᠬᠦᠴᠢᠯ ᠲᠥᠷᠦᠭᠴᠢ᠂ ᠡᠰᠡᠪᠡᠯ ᠤᠰᠤ ᠲᠥᠷᠦᠭᠴᠢ ᠶ᠋ᠢᠨ ᠬᠡᠲᠦ ᠢᠰᠦᠯ ᠪᠠᠢᠢᠵᠤ ᠪᠣᠯᠤᠨ᠎ ‍ᠠ᠋᠃

ᠬᠣᠶᠠᠷ ᠲᠦᠯᠡᠰᠢᠲᠦ (ᠰᠢᠲᠠᠬᠤᠨ ᠪᠠ ᠢᠰᠦᠯᠳᠡᠭᠦᠯᠦᠭᠴᠢ) ᠬᠥᠳᠡᠯᠭᠡᠭᠦᠷ ‍ᠦᠨ ᠵᠡᠷᠭᠡᠴᠡᠭᠡ ᠨᠢᠭᠡ ᠪᠠ ᠭᠤᠷᠪᠠᠨ ᠲᠦᠯᠡᠰᠢᠲᠦ ᠬᠤᠪᠢᠯᠪᠤᠷᠢ ᠨᠤᠭᠤᠳ ᠪᠤᠢ᠃

ᠨᠢᠭᠡ ᠲᠦᠯᠡᠰᠢ ᠲᠡᠢ ᠨᠢ ᠻᠠᠲᠠᠯᠢᠽᠠᠲ᠋ᠣᠷ ᠲᠠᠢ ᠬᠠᠷᠢᠴᠠᠮᠠᠭᠴᠠ ᠵᠠᠳᠠᠷᠠᠯ ᠳ᠋ᠤ ᠣᠷᠤᠵᠤ᠂ ᠬᠠᠯᠠᠭᠤᠨ ᠬᠡᠢ ᠡᠭᠦᠰᠬᠡᠳᠡᠭ ᠪᠣᠳᠠᠰ ᠬᠡᠷᠡᠭᠯᠡᠳᠡᠭ᠃

ᠢᠰᠦᠯᠳᠡᠭᠦᠯᠦᠭᠴᠢ ᠪᠠ ᠰᠢᠲᠠᠬᠤᠨ ᠭᠡᠰᠡᠨ ᠬᠣᠶᠠᠷ ᠪᠦᠷᠡᠯᠳᠡᠬᠦᠨ ᠲᠡᠢ ᠲᠦᠯᠡᠰᠢ ᠬᠡᠷᠡᠭ ᠦᠭᠡᠢ᠃

ᠨᠢᠭᠡ ᠲᠦᠯᠡᠰᠢᠲᠦ ᠬᠥᠳᠡᠯᠭᠡᠭᠦᠷ ᠲᠦ ᠬᠠᠮᠤᠭ ‍ᠤᠨ ᠲᠦᠭᠡᠮᠡᠯ ᠬᠡᠷᠡᠭᠯᠡᠳᠡᠭ ᠲᠦᠯᠡᠰᠢ ᠾᠢᠲᠷᠠᠽᠢᠨ (N2H4)᠂ ᠲᠡᠭᠦᠨ ᠊ᠦ ᠻᠠᠲᠠᠯᠢᠽᠠᠲᠣᠷ ᠨᠢ ᠢᠷᠢᠳᠢᠦᠮ (Ir) ᠪᠦᠬᠡᠪᠴᠢ ᠲᠡᠢ ᠬᠥᠩᠭᠡᠨ ᠴᠠᠭᠠᠨ ‍ᠤ ᠢᠰᠦᠯ ᠦᠷᠢᠯ ᠨᠤᠨᠲᠠᠭ ᠬᠡᠯᠪᠡᠷᠢ ᠪᠡᠷ ᠪᠠᠢᠢᠳᠠᠭ<ref>https://ir.aerojetrocketdyne.com/news-releases/news-release-details/aerojet-announces-licensing-and-manufacture-spontaneous?releaseid=708514 Aerojet Rocketdyne Holdings, Inc. ᠬᠠᠨᠳᠤᠭᠰᠠᠨ 2020/12/25</ref>᠃

ᠾᠶᠲᠷᠠᠽᠢᠨ ᠵᠠᠳᠠᠷᠠᠭᠰᠠᠨ ‍ᠢᠢᠠᠷ 1000°C ᠬᠠᠯᠠᠭᠤᠨ ᠠᠽᠣᠲ (N)᠂ ᠤᠰᠤ ᠲᠥᠷᠦᠭᠴᠢ (H2)᠂ ᠠᠮᠮᠣᠨᠢammonium ᠬᠡᠢ ‍ᠢᠢᠨ ᠬᠣᠯᠢᠮᠠᠭ ᠢᠯᠭᠠᠷᠠᠨ᠎ ‍ᠠ᠋᠃

ᠮᠥᠨ ᠤᠰᠤ ᠲᠥᠷᠦᠭᠴᠢ ‍ᠢᠢᠨ ᠬᠡᠲᠦ ᠢᠰᠦᠯ ‍ᠢ (H2O2) ᠲᠦᠯᠡᠰᠢ ᠪᠣᠯᠭᠠᠨ ᠠᠰᠢᠭᠯᠠᠳᠠᠭ᠃

ᠶᠠᠫᠣᠨ ‍ᠤ IHI Aerospace ᠻᠣᠷᠫᠣᠷᠠᠼ 1964 ᠣᠨ ᠡᠴᠡ ᠬᠣᠢᠢᠰᠢ 900 ᠾᠶᠲᠡᠠᠽᠢᠨᠲᠤ ᠬᠥᠳᠡᠯᠭᠡᠭᠦᠷ ᠦᠢᠯᠡᠳᠪᠦᠷᠢᠯᠡᠵᠡᠢ<ref>https://www.ihi.co.jp/ia/en/products/space/hydrazine/index.html IHI Aerospace Co.Ltd. Hydrazine Monopropellant Thrusters. ᠬᠠᠨᠳᠤᠭᠰᠠᠨ 2020/12/25</ref>᠃

ᠡᠨᠡ ᠲᠥᠷᠦᠯ ‍ᠦᠨ ᠬᠥᠳᠡᠯᠭᠡᠭᠦᠷ ‍ᠦᠳ ᠲᠡᠶᠢᠷᠦᠯᠲᠡ ‍‍ᠢᠢᠨ ᠬᠦᠴᠦ ᠪᠠᠭ᠎ ‍ᠠ᠋ ᠲᠠᠢ ᠪᠣᠯᠪᠠᠴᠤ ᠬᠡᠢᠢᠴᠡ ᠪᠦᠲᠡᠴᠡ ᠡᠩ ‍ᠦᠨ᠃ ᠬᠡᠢᠢᠮᠡᠯ ᠳᠠᠭᠠᠭᠤᠯ᠂ ᠣᠭᠲᠠᠷᠭᠤᠢ ‍ᠢᠢᠨ ᠬᠥᠯᠭᠡ ‍ᠢᠢ ᠵᠠᠯᠠᠬᠤ᠂ ᠴᠢᠭᠯᠡᠭᠦᠯᠬᠦ (ᠵᠡᠱᠢᠶᠡᠯᠡᠪᠡᠯ TDRS-1)᠂ ᠭᠠᠵᠠᠷᠳᠠᠬᠤ ᠠᠫᠫᠠᠷᠠᠲ ‍ᠢ (ᠵᠡᠱᠢᠶᠡᠯᠡᠪᠡᠯ Союз) ᠲᠣᠭᠲᠠᠪᠤᠷᠢᠵᠢᠭᠤᠯᠬᠤ ᠵᠡᠷᠭᠡ ᠳ᠋ᠦ ᠬᠡᠷᠡᠭᠯᠡᠳᠡᠭ ᠪᠠᠢᠢᠨ᠎ ‍ᠠ᠋᠃

ᠬᠣᠶᠠᠷ ᠲᠦᠯᠡᠰᠢᠲᠦ ᠬᠥᠳᠡᠯᠭᠡᠭᠦᠷ ᠲᠦ ᠰᠢᠲᠠᠬᠤᠨ ‍ᠳᠤ ᠨᠢ ᠻᠡᠷᠣᠰᠢᠨ (Восток᠂ Saturn ᠴᠣᠢᠢᠯᠠᠭᠤᠷ ‍ᠤᠨ ᠨᠢᠭᠡᠳᠦᠭᠡᠷ ᠱᠠᠲᠤ, Союз᠂ Falcon 1᠂ Falcon 9) ᠲᠦᠭᠡᠮᠡᠯ ᠬᠡᠷᠡᠭᠯᠡᠳᠡᠭ᠃

ᠪᠠᠰᠠᠭᠦᠦ ᠰᠢᠩᠭᠡᠷᠡᠭᠦᠯᠦᠭᠰᠡᠨ ᠤᠰᠤ ᠲᠥᠷᠦᠭᠴᠢ (Space Shuttle ᠬᠥᠯᠭᠡ ‍ᠢᠢᠨ ᠭᠣᠯᠯ ᠬᠥᠳᠡᠯᠭᠡᠭᠦᠷ᠂ Saturn V ‍ᠤᠨ ᠬᠣᠶᠠᠷ᠂ ᠭᠤᠷᠪᠠᠳᠤᠭᠠᠷ ᠱᠠᠲᠤ᠂ Ariane 5᠂ Centaur ᠭᠡᠬᠦ ᠮᠡᠲᠦ)᠂ ᠰᠢᠩᠭᠡᠷᠡᠭᠦᠯᠦᠭᠰᠡᠨ ᠮᠧᠲ᠋ᠠᠨ CH4 (BE-4᠂ Raptor ᠲᠤ ᠵᠣᠷᠢᠭᠤᠯᠵᠤ ᠪᠣᠯᠪᠠᠰᠤᠷᠠᠭᠤᠯᠵᠤ ᠪᠠᠢᠢᠭ᠎ ‍ᠠ᠋) ᠬᠡᠷᠡᠭᠡᠯᠡᠵᠦ ᠪᠣᠯᠳᠠᠭ<ref>https://global.jaxa.jp/projects/engineering/components/lng/index.html Japan Aerospace Exploration Agency. LNG Propulsion System. ᠬᠠᠨᠳᠤᠭᠰᠠᠨ 2020/12/25</ref>᠃

ᠢᠰᠦᠯᠳᠡᠭᠦᠯᠦᠭᠴᠢ ᠳ᠋ᠦ ᠨᠢ ᠰᠢᠩᠭᠡᠷᠡᠭᠦᠯᠦᠭᠰᠡᠨ ᠬᠦᠴᠢᠯ ᠲᠥᠷᠦᠭᠴᠢ ᠬᠡᠷᠡᠭᠯᠡᠵᠦ ᠪᠠᠢᠢᠨ᠎ ‍ᠠ᠋᠃

ᠲᠡᠭᠦᠨᠴᠢᠯᠡᠨ ᠠᠧᠣᠽᠢᠨ50aerozine50 (50% UDMH, 50% ᠾᠢᠲᠷᠠᠽᠢᠨ) ᠰᠢᠲᠠᠬᠤᠨ᠂ ᠳ᠋ᠢᠨᠢᠲᠷᠣᠭᠧᠨ ᠲᠧᠲᠷᠣᠰᠢᠳ᠋ (N2O4) ᠢᠰᠦᠯᠳᠡᠭᠦᠯᠦᠭᠴᠢ ᠲᠡᠢ ᠲᠦᠯᠡᠰᠢ (Titan᠂ Apollo ‍ᠢᠢᠨ ᠰᠠᠷᠠᠨ ‍ᠤ ᠮᠣᠳᠦ᠋ᠯ᠂ Voyager 1᠂ 2) ᠬᠡᠷᠡᠭᠯᠡᠳᠡᠭ᠃

ᠪᠠᠰᠠ ᠮᠣᠨᠣᠮᠧᠲ᠋ᠢᠯᠾᠢᠲᠷᠠᠽᠢᠨ (Monomethylhydrazine, (CH3)HN2H2) ᠰᠢᠲᠠᠬᠤᠨ ᠪᠠ ᠳ᠋ᠢᠨᠢᠲᠷᠣᠭᠧᠨ ᠲᠧᠲᠷᠣᠰᠢᠳ᠋ (N2O4) ᠢᠰᠦᠯᠳᠡᠭᠦᠯᠦᠭᠴᠢ (Space Suttle ᠬᠥᠯᠭᠡ ‍ᠢᠢᠨ ᠲᠣᠭᠣᠷᠢᠭ ᠵᠠᠮ ‍ᠤᠨ ᠵᠢᠯᠤᠭᠠᠳᠠᠯᠭ᠎ ‍ᠠ᠋᠂ Dragon ᠬᠣᠯᠭᠡ) ᠬᠡᠷᠡᠭᠯᠡᠳᠡᠭ ᠪᠠᠢᠢᠨ᠎ ‍ᠠ᠋᠃

ᠠᠰᠠᠭᠠᠬᠤ ᠪᠤᠶᠤ ᠭᠠᠯ ᠥᠭᠬᠦ ᠲᠥᠬᠦᠭᠡᠷᠡᠮᠵᠢ ᠴᠠᠬᠢᠯᠭᠠᠨ᠂ ᠫᠢᠷᠣᠲᠧᠻᠨᠢᠻ᠂ ᠬᠢᠮᠢ ‍ᠢᠢᠨ ᠵᠠᠷᠴᠢᠮ ᠳ᠋ᠤ ᠰᠠᠭᠤᠷᠢᠯᠠᠭᠰᠠᠨ ᠪᠠᠢᠢᠵᠤ ᠪᠣᠯᠳᠠᠭ᠃

ᠭᠠᠯ ᠥᠭᠬᠦ ᠦᠢᠯᠡᠳᠡᠯ ᠬᠡᠳᠦᠨ ᠠᠷᠪᠠᠨ ᠮᠢᠯᠯᠢᠰᠧᠻᠦ᠋ᠨ᠍ᠳ᠋ ‍ᠢᠢᠡᠷ ᠬᠣᠴᠤᠷᠠᠬᠤ ᠳ᠋ᠤ ᠰᠢᠲᠠᠬᠤ ᠲᠠᠰᠤᠯᠠᠪᠴᠢ ᠳ᠋ᠤ ᠥᠨᠳᠡᠷ ᠳᠠᠷᠤᠯᠲᠠ ᠪᠤᠢ ᠪᠣᠯᠵᠤ᠂ ᠳᠡᠯᠪᠡᠷᠡᠵᠦ ᠪᠣᠯᠵᠤᠰᠢ ᠦᠭᠡᠢ᠃

ᠭᠤᠷᠪᠠᠨ ᠲᠦᠯᠡᠰᠢᠲᠦ ᠬᠥᠳᠡᠯᠭᠡᠭᠦᠷ ᠪᠦᠲᠦᠭᠡᠬᠦ ᠦᠵᠡᠯ ᠰᠠᠨᠠᠭ᠎ ‍ᠠ᠋ ᠰᠢᠩᠭᠡᠷᠡᠭᠦᠯᠦᠭᠰᠡᠨ ᠤᠰᠤ ᠲᠥᠷᠦᠭᠴᠢ ‍ᠢᠢᠨ ᠥᠨᠳᠡᠷ ᠬᠤᠪᠢ ‍ᠢᠢᠨ ᠢᠮᠫᠦ᠋ᠯᠰ ‍ᠢ ᠨᠡᠭᠦᠷᠡᠰᠦ ᠤᠰᠤ ᠲᠥᠷᠦᠭᠴᠢ ‍ᠰᠢᠲᠠᠬᠤᠨ ‍ᠤ ᠥᠨᠳᠡᠷ ᠬᠤᠪᠢ ‍ᠢᠢᠨ ᠨᠢᠭᠲᠠ ᠲᠠᠢ ᠬᠣᠣᠰᠯᠠᠭᠤᠯᠬᠤ ᠣᠷᠤᠯᠳᠤᠯᠭ᠎ ‍ᠠ᠋ ᠶᠤᠮ᠃

ᠭᠠᠵᠠᠷ ᠡᠴᠡ ᠲᠠᠰᠤᠷᠠᠬᠤ ᠦᠶᠡᠰ ᠲᠦ ᠻᠧᠷᠣᠰᠢᠨ ᠠᠰᠢᠭᠯᠠᠬᠤ ᠪᠠ ᠶᠡᠬᠡ ᠥᠨᠳᠡᠷ ᠠᠪᠤᠭᠰᠠᠨ ᠬᠣᠢᠢᠨᠤ ᠪᠠᠨ ᠰᠢᠩᠭᠡᠷᠡᠭᠦᠯᠦᠭᠰᠡᠨ ᠤᠰᠤ ᠲᠥᠷᠦᠭᠴᠢ ᠠᠰᠢᠭᠯᠠᠵᠤ ᠪᠣᠯᠤᠨ᠎ ‍ᠠ᠋᠃

ᠵᠥᠪᠯᠡᠯᠲᠦ ᠬᠣᠯᠪᠤᠭᠠᠲᠤ ᠤᠯᠤᠰ ᠲᠤ 1988 ᠣᠨ ᠳ᠋ᠤ ᠢᠢᠮᠦ ᠵᠠᠷᠴᠢᠮ ‍ᠢᠢᠠᠷ ᠠᠵᠢᠯᠯᠠᠬᠤ РД-701 ᠬᠥᠳᠡᠯᠭᠡᠭᠦᠷ ᠪᠣᠯᠪᠠᠰᠤᠷᠠᠭᠤᠯᠵᠤ᠂ ᠲᠤᠷᠰᠢᠵᠤ ᠪᠠᠢᠢᠭᠰᠠᠨ ᠪᠣᠯᠪᠠᠴᠤ 1991 ᠣᠨ ᠳ᠋ᠤ ᠰᠠᠩᠬᠦᠦᠵᠢᠯᠲᠡ ‍ᠢᠢᠨ ᠪᠡᠷᠬᠡᠰᠢᠶᠡᠯ ‍ᠦᠨ ᠤᠯᠠᠮ ᠡᠴᠡ ᠡᠨᠡ ᠰᠤᠳᠤᠯᠭ᠎ ‍ᠠ᠋ ᠲᠠᠰᠤᠷᠠᠵᠤᠬᠤᠢ᠃

ᠠᠯᠢ ᠠᠯᠢᠨ ᠳ᠋ᠤ ᠰᠢᠩᠭᠡᠷᠡᠭᠦᠯᠦᠭᠰᠡᠨ ᠬᠦᠴᠢᠯ ᠲᠥᠷᠦᠭᠴᠢ ‍ᠢᠢ ᠢᠰᠦᠯᠳᠡᠭᠦᠯᠦᠭᠴᠢ ᠪᠣᠯᠭᠠᠨ ᠬᠡᠷᠡᠭᠯᠡᠬᠦ ᠶᠤᠮ᠃

ᠤᠯᠠᠮᠵᠢᠯᠠᠯᠲᠤ ᠴᠣᠢᠢᠯᠠᠭᠤᠷ ᠲᠤ ᠡᠬᠢᠨ ‍ᠦ ᠱᠠᠲᠤ ᠨᠢ ᠨᠡᠭᠦᠷᠡᠰᠦ ᠤᠰᠤ ᠲᠥᠷᠦᠭᠴᠢᠲᠦ ᠬᠥᠳᠡᠯᠭᠡᠭᠦᠷ ᠲᠡᠢ᠂ ᠳᠠᠷᠠᠭᠠᠬᠢ ᠱᠠᠲᠤ ᠨᠢ ᠰᠢᠩᠭᠡᠨ ᠤᠰᠤ ᠲᠥᠷᠦᠭᠴᠢ ᠰᠢᠲᠠᠬᠤᠨ ‍ᠢᠢᠠᠷ ᠠᠵᠢᠯᠯᠠᠳᠠᠭ ᠬᠥᠯᠳᠡᠭᠡᠭᠦᠷ ᠲᠡᠢ ᠪᠠᠢᠢᠳᠠᠯ ‍ᠢᠢᠠᠷ ᠡᠭᠦᠨ ‍ᠢ ᠰᠢᠢᠳᠦᠭᠰᠡᠨ ᠪᠠᠢᠢᠳᠠᠭ᠃

ᠭᠤᠷᠪᠠᠨ ᠲᠦᠯᠡᠰᠢᠲᠦ ᠬᠥᠳᠡᠯᠭᠡᠭᠦᠷ ᠠᠰᠢᠭᠯᠠᠭᠰᠠᠨ ‍ᠢᠢᠠᠷ ᠨᠢᠭᠡ ᠯᠡ ᠱᠠᠲᠤ ᠪᠠᠷ ᠲᠣᠭᠣᠷᠢᠭ ᠵᠠᠮ ᠳ᠋ᠤ ᠬᠦᠷᠡᠬᠦ ᠪᠣᠯᠤᠮᠵᠢ ᠨᠡᠭᠡᠭᠳᠡᠵᠦ ᠪᠣᠯᠬᠤ ᠶᠤᠮ᠃


ᠬᠠᠲᠠᠭᠤ ᠲᠥᠯᠡᠰᠢᠲᠦ ᠬᠥᠳᠡᠯᠭᠡᠭᠦᠷ



Файл:SolidRocketMotor-MN.jpg
ᠬᠠᠲᠠᠭᠤ ᠲᠦᠯᠡᠰᠢᠲᠦ ᠫᠤᠤᠵᠢᠩ ‍ᠤᠨ ᠪᠦᠲᠡᠴᠡ



ᠬᠠᠷᠢᠨ ᠬᠠᠲᠠᠭᠤ ᠲᠦᠯᠡᠰᠢᠲᠦ ᠫᠤᠤᠵᠢᠩᠭ ‍ᠤᠨ ᠬᠥᠳᠡᠯᠭᠡᠭᠦᠷ ᠲᠦ ᠠᠵᠢᠯ ‍ᠤᠨ ᠪᠣᠳᠠᠰ ‍ᠤᠳ ‍ᠢ ᠬᠠᠮᠲᠤ ᠳ᠋ᠤ ᠨᠢ ᠬᠣᠯᠢᠭᠰᠠᠨ ᠪᠠᠢᠢᠬᠤ ᠠᠭᠠᠳ ᠬᠠᠲᠠᠭᠤ ᠪᠣᠷᠲᠤᠭᠤ ᠬᠡᠯᠪᠡᠷᠢ ᠶ᠋ᠢᠡᠷ ᠨᠢᠭᠲᠠᠷᠠᠭᠤᠯᠤᠭᠰᠠᠨ ᠪᠠᠢᠢᠳᠠᠭ<ref name=":0" />᠃

ᠪᠠᠲᠤᠯᠠᠨ ᠬᠠᠮᠠᠭᠠᠯᠬᠤ᠂ ᠴᠠᠭ ᠠᠭᠤᠷ ᠲᠤ ᠥᠷᠭᠡᠨ ᠭᠡᠷᠡᠭᠯᠡᠳᠡᠭ᠃

ᠰᠠᠨᠰᠠᠷ ᠰᠤᠳᠤᠯᠤᠯ ᠳ᠋ᠤ ᠬᠡᠷᠭᠡᠯᠡᠬᠦ ᠳ᠋ᠤ ᠪᠡᠨ ᠶᠡᠬᠡᠪᠴᠢᠯᠡᠨ ᠴᠣᠢᠢᠯᠠᠭᠤᠷ ‍ᠤᠨ ᠨᠢᠭᠡᠳᠦᠭᠡᠷ ᠱᠠᠲᠤ᠂ ᠬᠠᠵᠢᠭᠤ ‍ᠢᠢᠨ ᠬᠤᠷᠳᠤᠰᠬᠠᠭᠤᠷ ᠲᠤ ᠬᠡᠷᠡᠭᠯᠡᠳᠡᠭ (Space Shuttle, 나로호 ᠴᠣᠢᠢᠯᠠᠭᠤᠷ ‍ᠤᠨ ᠬᠣᠶᠠᠳᠤᠭᠠᠷ ᠱᠠᠲᠤ᠂ SS-520)<ref>Jenkins, Dennis R. (2016). Space Shuttle: Developing an Icon – 1972–2013. Specialty Press. ISBN 978-1-58007-249-6.</ref>᠃

ᠰᠢᠩᠭᠡᠨ ᠲᠦᠯᠡᠰᠢᠲᠦ ᠬᠥᠳᠡᠯᠭᠡᠭᠦᠷ ‍ᠦᠨ ᠲᠡᠢᠢᠷᠦᠯᠲᠡ ‍ᠢᠢ ᠲᠣᠬᠢᠷᠭᠤᠯᠤᠨ ᠤᠳᠢᠷᠳᠠᠬᠤ ᠪᠣᠯᠤᠮᠵᠢ ᠲᠠᠢ ᠪᠠᠢᠢ ᠳᠠᠭ ᠬᠠᠲᠠᠭᠤ ᠲᠦᠯᠡᠰᠢ ᠲᠡᠢ ᠬᠥᠳᠡᠯᠭᠡᠭᠦᠷ ‍ᠦᠨ ᠬᠤᠪᠢ ᠳ᠋ᠤ ᠡᠨᠡ ᠠᠰᠠᠭᠤᠳᠠᠯ ᠪᠡᠷᠬᠡᠰᠢᠶᠡᠯ ᠲᠡᠢ᠃ ᠳᠠᠪᠠᠭᠤ ᠲᠠᠯ ‍ᠠ᠋ ‍ᠢᠢᠨ ᠬᠤᠪᠢ ᠳ᠋ᠤ ᠪᠦᠲᠡᠴᠡ ᠬᠡᠢᠢᠴᠡ ᠨᠢ ᠬᠠᠷᠢᠴᠠᠩᠭᠤᠢ ᠬᠢᠯᠪᠠᠷ ᠠᠵᠡᠢ᠃

Файл:Chinese rocket.png
ᠡᠷᠲᠡᠨ ‍ᠦ ᠮᠣᠩᠭᠣᠯ ᠴᠡᠷᠢᠭ
ᠫᠤᠤᠵᠢᠩ ᠬᠠᠷᠪᠤᠵᠤ ᠪᠠᠢᠢᠭ᠎ ‍ᠠ᠋ ᠠᠨᠤ



ᠬᠣᠣᠰᠮᠠᠭ ᠬᠥᠳᠡᠯᠭᠡᠭᠦᠷ


Файл:Hybrids big-fr.png
réservoir comburant ᠰᠢᠩᠭᠡᠨ ᠢᠰᠦᠯᠳᠡᠭᠦᠯᠦᠭᠴᠢ
bloc de propergol ᠬᠠᠲᠠᠭᠤ ᠲᠦᠯᠡᠰᠢ
vanne ᠬᠠᠪᠬᠠᠯᠭ᠎ᠠ
système d'allumage ᠭᠠᠯ ᠥᠭᠬᠦ
injecteur ᠰᠦᠷᠴᠢᠭᠦᠷ
tuyère ᠴᠣᠷᠭᠤ



ᠬᠣᠣᠰᠮᠠᠭ ᠬᠥᠳᠡᠯᠭᠡᠭᠦᠷᠲᠦ ᠫᠤᠤᠵᠢᠩᠭ ‍ᠳᠤ ᠰᠢᠩᠭᠡᠨ ᠢᠰᠦᠯᠳᠡᠭᠦᠯᠦᠭᠴᠢ ᠪᠠ ᠬᠠᠲᠠᠭᠤ ᠰᠢᠲᠠᠬᠤᠨ ᠬᠡᠷᠡᠭᠯᠡᠨ᠎ ‍ᠡ᠋᠃

ᠡᠬᠢ ᠰᠤᠷᠪᠤᠯᠵᠢ

<references />