Khanhiin gazar hudlult

Wikibilig-с
20:22, 15 Нэгдүгээр сар 2021-ий байдлаарх Bilig Expeditions (яриа | оруулсан хувь нэмэр) хэрэглэгчийн хийсэн залруулга

ᠬᠠᠩᠬ ‍ᠠ᠋ ‍ᠢᠢᠨ ᠭᠠᠵᠠᠷ ᠬᠥᠳᠡᠯᠡᠯᠲᠡ


ᠬᠠᠩᠬ ‍ᠠ᠋ ‍ᠢᠢᠨ ᠭᠠᠵᠠᠷ ᠬᠥᠳᠡᠯᠦᠯᠲᠡ ‍ᠢᠢᠨ ᠭᠣᠯᠤᠮᠲᠠ


ᠬᠥᠪᠰᠦᠭᠦᠯ ᠠᠢᠢᠮᠠᠭ ᠲᠤ 2021 ᠣᠨ ‍ᠤ 01 ᠰᠠᠷ ‍ᠠ᠋ ‍ᠢᠢᠨ 12, 05 ᠴᠠᠭ 32 ᠮᠢᠨᠦ᠋ᠲ᠋ ᠲᠤ 6.7 ᠮᠠᠭᠨᠢᠲ᠋ᠦ᠋ᠳ᠋ ᠬᠦᠴᠦ ᠲᠡᠢ ᠭᠠᠵᠠᠷ ᠬᠥᠳᠡᠯᠦᠯᠲᠡ ᠪᠣᠯᠤᠭᠰᠠᠨ᠃[1]

ᠭᠠᠵᠠᠷ ᠬᠥᠳᠡᠯᠦᠯᠲᠡ ‍ᠢᠢᠨ ᠭᠦᠨ ᠨᠢ 10 ᠻᠢᠯᠣᠮᠧᠲ᠋ᠧᠷ ᠲᠦ ᠪᠠᠢᠢᠪᠠ᠃[2]

ᠭᠠᠵᠠᠷ ᠬᠥᠳᠡᠯᠦᠯᠲᠡ ᠶᠢᠨ ᠲᠥᠪ ᠴᠡᠭ ᠨᠢ ᠬᠥᠪᠰᠥᠭᠥᠯ ᠠᠶ᠋ᠢᠮᠠᠭ ᠤᠨ ᠬᠠᠩᠬ ‍ᠠ᠋ ᠰᠤᠮᠤ ᠶᠢᠨ ᠬᠠᠴᠢᠮ ᠤᠨ ᠠᠮᠠ᠂ ᠬᠥᠪᠰᠥᠭᠥᠯ ᠨᠠᠭᠤᠷ ᠤᠨ ᠣᠢᠢᠷᠠᠯᠴᠠᠭ᠎ᠠ ᠪᠠᠢᠢᠴᠠᠢ᠃

ᠭᠠᠵᠠᠷ ᠬᠥᠳᠡᠯᠦᠯᠲᠡ ᠶᠢᠨ ᠭᠣᠯᠣᠮᠲᠠ ᠶᠢᠨ ᠣᠶ᠋ᠢᠷᠠᠯᠴᠠᠭᠠᠬᠢ ᠬᠡᠰᠡᠭ ᠲᠦ ᠬᠦᠮᠦᠨ ᠠᠮᠠ ᠣᠯᠠᠨ ‍ᠢᠶ᠋ᠠᠷ ᠰᠠᠭᠤᠷᠢᠰᠢᠳᠠᠭ ᠦᠭᠡᠢ ᠪᠣᠯᠪᠠᠴᠤ ᠨᠠᠭᠤᠷ ᠤᠨ ᠣᠶ᠋ᠢᠷᠠᠯᠴᠠᠭ᠎ᠠ ᠬᠠᠳᠬᠠᠯ᠂ ᠲᠤᠷᠲᠠ ᠵᠡᠷᠭᠡ ᠣᠯᠠᠨ ᠰᠠᠭᠤᠷᠢᠨ ᠣᠷᠣᠰᠢᠳᠠᠭ ᠪᠥᠭᠡᠳ ᠡᠳᠡᠭᠡᠷ ᠨᠢ ᠨᠡᠢᠢᠲᠡ 5000 ᠬᠦᠷᠲᠡᠯ᠎ᠡ ᠬᠦᠮᠦᠨ ᠠᠮᠠ ᠲᠠᠢ᠃

ᠡᠨᠡ ᠬᠦ ᠭᠠᠵᠠᠷ ᠬᠥᠳᠡᠯᠦᠯᠲᠡ ᠨᠢ ᠰᠡᠭᠦᠯ ᠦᠨ ᠦᠶ᠎ᠡ ᠶᠢᠨ ᠲᠡᠦᠬᠡᠨ ᠳᠦ ᠮᠣᠩᠭᠣᠯ ᠤᠨ ᠤᠠᠮᠠᠷᠠᠳᠤ ᠬᠡᠰᠡᠭ ᠲᠦ ᠪᠣᠯᠤᠭᠰᠠᠨ ᠬᠠᠮᠤᠭ ᠤᠨ ᠬᠦᠴᠦᠲᠡᠢ ᠭᠠᠵᠠᠷ ᠬᠥᠳᠡᠯᠦᠯᠲᠡ ᠶᠢᠨ ᠨᠢᠭᠡ ᠪᠣᠯᠵᠠᠢ᠃

ᠬᠥᠪᠰᠥᠭᠥᠯ ᠨᠠᠭᠤᠷ ᠤᠨ ᠤᠮᠠᠷᠠᠲᠤ ᠲᠠᠯ᠎ᠠ ᠳᠤ 1950 ᠣᠨ ᠤ 4 ᠍ ᠳᠤᠭᠡᠷ ᠰᠠᠷ᠎ᠠ ᠳᠤ 6.9 ᠪᠠᠯᠯ ᠤᠨ ᠬᠦᠴᠦᠲᠡᠢ ᠭᠠᠵᠠᠷ ᠬᠥᠳᠡᠯᠦᠯᠳᠡ ᠪᠣᠯᠵᠤ᠂ ᠣᠢᠢᠷᠠᠯᠴᠠᠭᠠᠬᠢ ᠰᠠᠭᠤᠷᠢᠨ ᠨᠤᠭᠤᠳ ᠲᠤ ᠡᠪᠳᠡᠷᠡᠯ ᠤᠴᠠᠷᠠᠭᠤᠯᠤᠭᠰᠠᠨ ᠪᠠᠶ᠋ᠢᠳᠠᠭ᠃

ᠠᠷᠠᠢ ᠢᠨᠠᠭᠰᠢ ᠦᠶ᠎ᠡ ᠳᠦ᠂ 1991 ᠣᠨ ᠳᠤ ᠨᠠᠭᠤᠷ ᠤᠨ ᠥᠷᠥᠨᠡᠲᠦ ᠲᠠᠯ᠎ᠠ ᠳᠤ 6.4 ᠪᠠᠯᠯ ᠤᠨ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ᠃
ᠭᠠᠵᠠᠷ ᠬᠥᠳᠡᠯᠦᠯᠲᠡ ᠶᠢᠨ ᠭᠣᠯᠣᠮᠲᠠ ᠨᠢ ᠮᠣᠩᠭᠣᠯ ᠤᠯᠤᠰ ᠤᠨ ᠲᠤᠷᠠ ᠳᠤ ᠰᠠᠭᠤᠷᠢᠨ ᠠᠴᠠ (ᠬᠦᠮᠦᠨ ᠠᠮᠠ 2 140) 33 ᠺᠢᠯᠣᠮᠧᠲ᠋ᠷ ᠂ ᠮᠥᠷᠡᠨ (ᠬᠦᠮᠦᠨ ᠠᠮᠠ 27 690) ᠬᠣᠲᠠ ᠠᠴᠠ 180 ᠺᠢᠯᠣᠮᠧᠲ᠋ᠷ ᠵᠠᠶᠢᠲᠠᠢ ᠪᠠᠶᠢᠪᠠ᠃

ᠭᠣᠯᠣᠮᠲᠠ ᠶᠢᠨ 100 ᠺᠢᠯᠣᠮᠧᠲ᠋ᠷ ᠲᠣᠭᠣᠷᠢᠭ ᠲᠤ 19000 ᠣᠷᠴᠢᠮ ᠬᠦᠮᠦᠨ ᠠᠮᠢᠳᠤᠷᠠᠳᠠᠭ᠃

ᠬᠦᠴᠢ ᠲᠡᠢ ᠴᠡᠴᠡᠷᠡᠭᠡ ᠶᠢ 8000 ᠬᠦᠮᠦᠨ ᠮᠡᠳᠡᠷᠡᠴᠢ᠂ 18000 ᠬᠦᠮᠦᠨ ᠳᠤᠮᠳᠠ ᠵᠡᠷᠭᠡ᠂ 1248000 ᠬᠥᠩᠭᠡᠨ᠂ 4192000 ᠬᠦᠮᠦᠨ ᠰᠤᠯᠠ ᠴᠡᠴᠡᠷᠡᠭᠡ ᠮᠡᠳᠡᠷᠡᠭᠰᠡᠨ ᠪᠠᠶᠢᠨ᠎ᠠ᠃

USGS ᠨᠣᠭᠣᠭᠠᠨ ᠰᠡᠷᠡᠮᠵᠢᠯᠡᠭᠦᠯᠦᠭ ᠭᠠᠷᠭᠠᠵᠠᠢ᠃ ᠡᠪᠳᠡᠷᠡᠯ᠂ ᠬᠣᠬᠢᠷᠠᠯ ᠤᠨ ᠮᠠᠭᠠᠳᠯᠠᠯ ᠪᠠᠭ᠎ᠠ ᠪᠠᠶᠢᠨ᠎ᠠ᠃

ᠶᠡᠷᠦᠩᠬᠡᠢ ᠳᠦ ᠪᠡᠨ ᠡᠨᠡ ᠪᠦᠰᠡ ᠨᠤᠲᠤᠭ ᠤᠨ ᠬᠦᠮᠦᠨ ᠠᠮᠠ ᠭᠠᠵᠠᠷ ᠬᠥᠳᠡᠯᠦᠯᠲᠡ ᠶᠢᠨ ᠴᠡᠴᠡᠷᠡᠭᠡᠨ ᠳᠦ ᠲᠡᠰᠪᠦᠷᠢᠲᠡᠢ ᠪᠠᠷᠢᠯᠭ᠎ᠠ ᠪᠠᠶᠢᠭᠤᠯᠤᠮᠵᠢ ᠳᠤ ᠠᠮᠢᠳᠤᠷᠠᠳᠠᠭ ᠪᠣᠯᠪᠠᠴᠤ ᠡᠮᠵᠡᠭ ᠪᠠᠶᠢᠭᠤᠯᠤᠮᠵᠢ ᠨᠤᠭᠤᠳ ᠪᠠᠶᠢᠳᠠᠭ᠃

ᠡᠬᠢ ᠰᠤᠷᠪᠤᠯᠵᠢ

  1. https://earthquake.usgs.gov/earthquakes/eventpage/us6000d7ix/executive ᠬᠠᠨᠳᠤᠭᠰᠠᠨ 2021/01/15
  2. https://bnonews.com/index.php/2021/01/strong-earthquake-hits-russia-mongolia-border BNO News. Strong earthquake hits lake in northern Mongolia. Jan 2021. ᠬᠠᠨᠳᠤᠭᠰᠠᠨ 2021/01/15