Абтай хан

Wikibilig-с
23:49, 27 Тавдугаар сар 2019-ий байдлаарх Niislel Niisleliinhen (яриа | оруулсан хувь нэмэр) хэрэглэгчийн хийсэн залруулга


ᠵᠠᠯᠠᠶᠢᠷ ᠤᠨ ᠬᠤᠩ ᠲᠠᠶᠢᠵᠢ ᠶᠢᠨ ᠭᠤᠲᠤᠭᠠᠷ ᠬᠥᠪᠡᠭᠦᠨ ᠤᠬᠤᠨᠤᠬᠤ ᠦᠶᠢᠵᠡᠩ ᠨᠣᠶᠠᠨ ᠤ ᠣᠲᠤᠭ ᠰᠡᠯᠡᠩᠭᠡ ᠮᠥᠷᠦᠨ᠎ᠡ ᠪᠦᠬᠦᠢ ᠳᠦᠷ ᠄ ᠮᠣᠳᠤᠨ ᠪᠠᠷᠰ ᠵᠢᠯ ᠳᠦᠷ ᠡᠴᠡᠩᠬᠡᠨ ᠵᠣᠷᠢᠭᠲᠤ ᠬᠠᠲᠤᠨ ᠠᠴᠠ ᠨᠢᠭᠡᠨ ᠬᠡᠦᠬᠡᠨ ᠨᠢᠷᠠᠶᠢᠯᠠᠪᠠᠰᠤ ᠬᠣᠮᠤᠬᠤᠢ ᠬᠤᠷᠤᠭᠤᠨ ᠠᠨᠤ ᠬᠠᠷᠠ ᠴᠢᠰᠤᠲᠠᠢ ᠲᠥᠷᠦᠭᠰᠡᠨ ᠪᠤᠶᠤ ᠄ ᠨᠢᠷᠠᠢ ᠶᠢ ᠠᠨᠤ ᠠᠪᠠᠲᠠᠢ ᠬᠡᠮᠡᠨ ᠨᠡᠷᠡᠶᠢᠳᠪᠡᠢ ᠄ ᠲᠡᠨᠳᠡ ᠡᠴᠡ ᠠᠷᠪᠠᠨ ᠳᠥᠷᠪᠡᠨ ᠨᠠᠰᠤᠨ ᠠᠴᠠ ᠪᠠᠨ ᠬᠣᠷᠢᠨ ᠳᠣᠯᠤᠭᠠᠨ ᠬᠦᠷᠲᠡᠯ᠎ᠡ ᠦᠷᠭᠦᠯᠵᠢᠳᠡ ᠳᠠᠶᠢᠰᠤᠨ ᠤ ᠦᠶᠢᠯᠡ ᠦᠶᠢᠯᠡᠯᠡᠳᠴᠦ ᠄ ᠬᠠᠷᠢ ᠳᠠᠶᠢᠰᠤᠨ ᠢ ᠥᠪᠡᠷ ᠦᠨ ᠡᠷᠬᠡ ᠳᠦᠷ ᠢᠶᠡᠨ ᠣᠷᠤᠭᠤᠯᠵᠤ ᠄ ᠬᠠᠮᠤᠭ ᠠᠬ᠎ᠠ ᠳᠡᠭᠦᠦᠰ ᠢᠶᠡᠨ ᠥᠪᠡᠷ ᠡᠴᠡ ᠢᠯᠭᠠᠯ ᠦᠭᠡᠢ ᠲᠡᠳᠬᠦᠵᠦ ᠄ ᠬᠠᠮᠤᠭ ᠠᠬᠢ ᠲᠦᠰᠢᠶᠡᠲᠦ ᠬᠠᠭᠠᠨ ᠬᠡᠮᠡᠨ ᠴᠣᠯᠤ ᠡᠷᠭᠦᠭᠳᠡᠵᠦ ᠶᠡᠬᠡᠳᠡ ᠠᠯᠳᠠᠷᠰᠢᠪᠠᠢ ᠅[1]

ᠲᠦᠯᠬᠢᠭᠦᠷ ᠦᠭᠡᠰ

Abtai
Abatai
Абтай
Автай
ᠠᠪᠠᠲᠠᠶ

ᠰᠡᠳᠬᠢᠭᠳᠡᠯ

<Comments/>

ᠡᠬᠢ ᠰᠤᠷᠪᠤᠯᠵᠢ

  1. ᠠᠰᠠᠷᠠᠭᠴᠢ ᠨᠡᠷᠡᠲᠦ ᠲᠡᠦᠬᠡ