ᠮᠣᠩᠭᠣᠯ ᠬᠡᠯᠡᠨ ‍ᠦ ᠵᠥᠪ ᠪᠢᠴᠢᠬᠦ ᠳᠦᠷᠢᠮ ‍ᠦᠨ ᠵᠢᠷᠤᠮᠯᠠᠭᠰᠠᠨ ᠲᠣᠯᠢ

Wikibilig-с
17:10, 9 Хоёрдугаар сар 2021-ий байдлаарх Пүрэвбадрал (яриа | оруулсан хувь нэмэр) хэрэглэгчийн хийсэн залруулга

ᠮᠣᠩᠭᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ ᠪᠢᠴᠢᠭ ᠪᠣᠯᠪᠠᠰᠤ᠂ ᠮᠣᠩᠭᠣᠯ ᠻᠢᠷᠢᠯᠯ ᠦᠰᠦᠭ ᠦᠨ ᠨᠡᠶ᠋ᠢᠲᠡ ᠪᠡᠷ ᠳᠠᠭᠠᠵᠤ ᠮᠥᠷᠳᠡᠬᠦ ᠵᠥᠪ ᠪᠢᠴᠢᠬᠦ ᠵᠦᠢ ᠶᠢᠨ ᠠᠯᠪᠠᠨ ᠶᠣᠰᠣᠨ ᠤ ᠲᠣᠯᠢ ᠪᠢᠴᠢᠭ ᠮᠥᠨ᠃ ᠤᠭ ᠲᠣᠯᠢ ᠶᠢ ᠬᠡᠯᠡᠨ ᠦ ᠪᠣᠳᠤᠯᠭ᠎ᠠ ᠶᠢᠨ ᠦᠨᠳᠦᠰᠦᠨ ᠦ ᠵᠥᠪᠯᠡᠯ᠎ ᠡᠷᠬᠢᠯᠡᠨ ᠡᠮᠬᠡᠳᠬᠡᠭᠰᠡᠨ ᠪᠥᠯᠦᠭᠡ᠃ ᠲᠣᠯᠢ ᠨᠢ ᠪᠠᠭ᠎ᠠ ᠳᠤᠮᠳᠠ ᠠᠬᠠᠯᠠᠬᠤ ᠰᠤᠷᠭᠠᠭᠤᠯᠢ ᠶᠢᠨ ᠰᠤᠷᠤᠭᠴᠢᠳ ᠢ ᠡᠬᠡ ᠬᠡᠯᠡ ᠪᠡᠨ ᠰᠠᠶ᠋ᠢᠨ ᠰᠤᠷᠬᠤ ᠳᠤ ᠦᠯᠡᠮᠵᠢ ᠳᠡᠮᠵᠢᠯᠭᠡ ᠪᠣᠯᠬᠤ ᠠᠴᠠ ᠭᠠᠳᠠᠨ᠎ᠠ᠂ ᠠᠷᠠᠳ ᠤᠨ ᠪᠢᠴᠢᠭ ᠦᠰᠦᠭ ᠦᠨ ᠬᠠᠷᠠᠩᠭᠤᠢ ᠶᠢ ᠠᠷᠢᠯᠭᠠᠬᠤ ᠳᠤ᠂ ᠴᠣᠭᠴᠠ ᠮᠡᠳᠡᠭᠡᠯᠡᠯ ᠥᠭᠬᠦ ᠳᠦ ᠲᠤᠰᠠ ᠳᠡᠮ ᠮᠥᠨ ᠪᠤᠢ ᠢ᠎ᠠ᠃

ᠬᠡᠯᠡᠨ ᠦ ᠪᠣᠳᠤᠯᠭ᠎ᠠ ᠶᠢᠨ ᠦᠨᠳᠦᠰᠦᠨ ᠦ ᠵᠥᠪᠯᠡᠯ ᠦᠨ ᠳᠠᠷᠭ᠎ᠠ ᠶᠢᠨ ᠌᠒᠐᠑᠖ ᠣᠨ ᠤ ᠲᠤᠰᠢᠶᠠᠯ ᠶ᠋ᠢᠠᠷ ᠵᠥᠪ ᠪᠢᠴᠢᠭ ᠦᠨ ᠵᠢᠷᠤᠮᠯᠠᠭᠰᠠᠨ ᠲᠣᠯᠢ ᠵᠣᠬᠢᠶᠠᠷ᠎ᠠ ᠪᠣᠯᠵᠤ᠂ ᠡᠭᠦᠨᠴᠡ ᠬᠣᠶ᠋ᠢᠰᠢᠳᠠ ᠒ ᠵᠢᠯ ᠦᠨ ᠳᠠᠷᠠᠭ᠎ᠠ ᠡᠮᠬᠡᠳᠬᠡᠵᠤ ᠳᠠᠭᠤᠰᠴᠤ᠂ ᠬᠡᠪᠯᠡᠭᠳᠡᠵᠦᠬᠦᠢ᠃ ᠲᠤᠰᠠ ᠲᠣᠯᠢ ᠶᠢ ᠮᠣᠩᠭᠣᠯ ᠤᠯᠤᠰ ᠤᠨ ᠶᠡᠬᠡ ᠰᠤᠷᠭᠠᠭᠤᠯᠢ᠂ ᠮᠣᠩᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠢᠯᠢ᠂ ᠰᠢᠨᠵᠢᠯᠡᠬᠦ ᠤᠬᠠᠭᠠᠨ ᠤ ᠠᠻᠠᠳᠧᠮᠢᠶ᠎ᠠ᠎ ᠶᠢᠨ ᠌᠒᠘ ᠡᠷᠳᠡᠮᠲᠡᠨ ᠰᠤᠳᠤᠯᠤᠭᠠᠴᠢ ᠨᠠᠷ ᠠᠴᠠ ᠪᠦᠷᠢᠳᠦᠭᠰᠡᠨ ᠪᠠᠭ ᠬᠠᠮᠲᠤ ᠣᠯᠠᠨ ᠲᠤᠭᠤᠷᠪᠢᠭᠰᠠᠨ ᠠᠵᠤᠭᠤ᠃

ᠣᠳᠣ᠎ᠠ ᠪᠠᠷ ᠴᠠᠭᠠᠰᠤᠨ ᠬᠡᠪᠯᠡᠮᠡᠯ᠂ ᠭᠠᠷ ᠤᠲᠠᠰᠤᠨ ᠳᠡᠭᠡᠷᠡᠬᠢ ᠪᠠ ᠴᠠᠬᠢᠮ ᠲᠣᠯᠢ ᠭᠡᠮᠡᠨ ᠓ ᠬᠤᠪᠢᠯᠪᠤᠷᠢᠲᠠᠢ ᠪᠠᠶ᠋ᠢᠭ᠎ᠠ᠃ ᠴᠢᠨᠠᠭᠰᠢᠳᠠ ᠵᠥᠪ ᠪᠢᠴᠢᠭ ᠦᠨ ᠠᠯᠳᠠᠭ᠎ᠠ ᠰᠢᠯᠭᠠᠭᠴᠢ ᠭᠠᠷᠭᠠᠨ ᠲᠦᠭᠡᠬᠦ ᠲᠥᠯᠦᠪᠲᠡᠢ ᠪᠦᠢ ᠬᠡᠮᠡᠨ ᠬᠡᠯᠡᠨ ᠦ ᠪᠣᠳᠤᠯᠭ᠎ᠠ ᠶᠢᠨ ᠦᠳᠦᠰᠦᠨ ᠦ ᠵᠥᠪᠯᠡᠯ ᠡᠴᠡ ᠮᠡᠳᠡᠭᠡᠯᠡᠯ᠎ᠡ᠃

ᠲᠡᠦᠬᠡ 

᠑᠙᠘᠓ ᠣᠨ ᠳᠤ ᠴᠡ‍᠂ ᠳᠠᠮᠳᠢᠨᠰᠦ᠋ᠷᠦᠩ ᠪᠠ ᠪ᠂ ᠣᠰᠣᠷ ᠠᠪᠤᠭᠠᠢ ᠨᠠᠷ ᠮᠣᠩᠭᠣᠯ ᠦᠰᠦᠭ ᠦᠨ ᠳᠦᠷᠢᠮ ᠦᠨ ᠲᠣᠯᠢ ᠶᠢ ᠬᠡᠪᠯᠡᠭᠦᠯᠦᠭᠰᠡᠨ ᠠᠪᠴᠤ᠂ ᠣᠯᠠᠨ ᠪᠢᠴᠢᠯᠭᠡᠲᠡᠢ ᠦᠭᠡᠰ ᠦᠨ ᠠᠰᠠᠭᠤᠳᠠᠯ᠂ ᠮᠣᠩᠭᠣᠯ ᠬᠡᠯᠡᠨ ᠦ ᠵᠥᠪ ᠪᠢᠴᠢᠬᠦ ᠳᠦᠷᠢᠮ ᠥᠭᠡᠷᠡᠴᠢᠯᠡᠭᠳᠡᠭᠰᠡᠨ ᠮᠡᠲᠦ ᠮᠠᠷᠭᠠᠭᠠᠨ ᠲᠥᠭᠡᠷᠢᠭᠳᠡᠯ ᠪᠠᠶ᠋ᠢᠩᠭᠤ ᠶᠢᠨ ᠮᠠᠷᠭᠤᠭᠠᠨ ᠮᠡᠲᠡᠭᠡᠭᠡ ᠶᠢᠨ ᠰᠡᠳᠦᠪ ᠪᠣᠯᠤᠨ ᠳᠠᠭᠠᠮᠵᠢᠷᠠᠭᠰᠠᠭᠠᠷ᠂ ᠬᠦᠮᠦᠰ ᠢ ᠲᠠᠯᠠᠴᠠᠯ ᠬᠤᠪᠢᠶᠠᠭᠳᠤᠯ ᠳᠦ ᠬᠥᠲᠦᠯᠵᠡᠢ᠃ ᠡᠶ᠋ᠢᠮᠦ ᠶᠢᠨ ᠲᠤᠯᠠ ᠣᠯᠠᠨ ᠪᠢᠴᠢᠯᠭᠡᠲᠦ ᠦᠭᠡ ᠶᠢ ᠨᠢᠭᠡ ᠮᠥᠰᠦᠨ ᠡᠮᠬᠡᠳᠬᠡᠨ ᠵᠢᠷᠤᠮᠯᠠᠬ᠂ ᠻᠢᠷᠢᠯᠯ ᠦᠰᠦᠭ ᠦᠨ ᠳᠦᠷᠢᠮ ᠢ ᠲᠣᠳᠤᠳᠬᠬᠤ ᠬᠡᠷᠡᠭ ᠲᠤᠯᠭᠠᠷᠠᠵᠡᠢ᠃ ᠶᠡᠷᠦ ᠨᠢ ᠮᠣᠩᠭᠣᠯ ᠤᠯᠤᠰ ᠻᠢᠷᠢᠯᠯ ᠦᠰᠦᠭ ᠲᠤ ᠰᠢᠯᠵᠢᠭᠰᠡᠨ ᠴᠠᠭ ᠠᠴᠠ ᠬᠣᠶ᠋ᠢᠰᠢ ᠵᠥᠪ ᠪᠢᠴᠢᠭ ᠦᠨ ᠲᠠᠯᠠᠭᠠᠷᠬᠢ ᠮᠠᠷᠭᠤᠭᠠᠨ ᠪᠠᠶ᠋ᠢᠭᠰᠠᠭᠠᠷ ᠢᠷᠡᠭᠰᠡᠨ ᠪᠢᠯᠡ᠃ ᠡᠶ᠋ᠢᠮᠦ ᠠᠰᠠᠭᠤᠳᠠᠯ ᠢ ᠵᠥᠪᠬᠡᠨ ᠲᠣᠯᠢ ᠪᠢᠴᠢᠭ ᠶᠢᠡᠷ ᠰᠢᠢᠳᠦᠨ᠎ᠡ ᠪᠣᠯᠬᠤ ᠶᠢ ᠭᠧᠷᠮᠠᠨ ᠤᠯᠤᠰ ᠤᠨ ᠳ᠋ᠦ᠋ᠳᠧᠨ(Duden) ᠲᠣᠯᠢ ᠶᠢᠨ ᠵᠢᠰᠢᠭ ᠡᠴᠡ ᠲᠣᠳᠤ ᠬᠠᠷᠠᠵᠤ ᠪᠣᠯᠤᠨ᠎ᠠ ᠪᠤᠢ᠃

ᠳ᠋ᠦ᠋ᠳᠧᠨ(Duden) ᠲᠣᠯᠢ ᠵᠣᠬᠢᠶᠠᠭᠴᠢᠳ ᠠᠴᠠ ᠵᠥᠪᠯᠡᠭᠡ ᠠᠪᠴᠤ ᠣᠷᠴᠢᠨ ᠦᠶ᠎ᠡ ᠶᠢᠨ ᠬᠡᠯᠪᠡᠷᠢ ᠪᠦᠬᠦᠢ ᠲᠡᠶ᠋ᠢᠮᠦ ᠲᠣᠯᠢ ᠵᠣᠬᠢᠶᠠᠭᠰᠠᠨ ᠤ ᠤᠴᠢᠷ ᠡᠶ᠋ᠢᠮᠦ ᠠᠵᠡᠢ᠃

ᠲᠣᠯᠢ ᠵᠣᠬᠢᠶᠠᠭᠳᠠᠭᠰᠠᠨ ᠶᠢᠠᠷ ᠡᠮᠦᠨ᠎ᠡ ᠵᠢᠷᠤᠮᠯᠠᠭᠰᠠᠨ ᠗᠐᠐ ᠦᠭᠡ ᠶᠢ ᠬᠦᠴᠦᠨ ᠦᠭᠡᠢ ᠪᠣᠯᠭᠠᠭᠰᠠᠨ ᠪᠢᠯᠡ᠃

ᠪᠠᠭᠲᠠᠭᠰᠠᠨ ᠦᠭᠡ᠂ ᠬᠡᠮᠵᠢᠶ᠎ᠡ ᠪᠠ ᠪᠦᠲᠦᠴᠡ

ᠲᠤᠰ ᠲᠣᠯᠢ ᠨᠡᠶ᠋ᠢᠲᠡ ᠓᠗᠔᠘᠖ ᠦᠭᠡᠲᠡᠢ᠃ ᠬᠡᠷᠪᠡ ᠲᠣᠯᠤᠭᠠᠢ ᠦᠭᠡ ᠶᠢ ᠨᠥᠬᠦᠴᠡᠯ ᠳᠠᠭᠠᠪᠤᠷᠢ ᠪᠠᠷ ᠬᠤᠪᠢᠷᠯᠭᠠᠪᠠᠰᠤ᠂ ᠳᠠᠷᠤᠢ ᠒᠐᠐ ᠰᠠᠶ᠎ᠠ ᠦᠭᠡ ᠡᠭᠦᠰᠬᠦ ᠠᠵᠡᠢ᠃

ᠬᠡᠪᠯᠡᠮᠡᠯ ᠲᠣᠯᠢ

[1]
ᠬᠡᠪᠯᠡᠮᠡᠯ ᠲᠣᠯᠢ ᠨᠢ᠄
  1. ᠤᠷᠢᠶᠠᠯᠭ᠎ᠠ
  2. ᠤᠶᠠᠯᠭ᠎ᠠ ᠦᠭᠡ
  3. ᠮᠣᠩᠭᠣᠯ ᠬᠡᠯᠡᠨ ᠦ ᠵᠥᠪ ᠪᠢᠴᠢᠬᠦ ᠳᠦᠷᠢᠮ ᠦᠩ ᠵᠢᠷᠤᠮᠯᠠᠭᠰᠠᠨ ᠲᠣᠯᠢ ᠶᠢ ᠪᠠᠲᠤᠯᠠᠬᠤ ᠲᠤᠬᠠᠢ ᠲᠣᠭᠲᠠᠭᠠᠯ
  4. ᠡᠮᠦᠨᠡᠬᠢ ᠦᠭᠡ
  5. ᠲᠣᠯᠢ ᠠᠰᠢᠭᠯᠠᠬᠤ ᠵᠢᠭᠠᠪᠤᠷᠢ
  6. ᠲᠣᠪᠴᠢᠯᠠᠭᠰᠠᠨ ᠦᠭᠡ᠂ ᠲᠡᠮᠳᠡᠭ ᠦᠨ ᠲᠠᠶ᠋ᠢᠯᠪᠤᠷᠢ
  7. ᠲᠣᠯᠢ ᠶᠢᠨ ᠦᠨᠳᠦᠰᠡᠨ ᠦᠭᠡᠰ
  8. ᠮᠣᠩᠭᠣᠯ ᠻᠢᠷᠢᠯᠯ ᠦᠰᠦᠭ ᠦᠨ ᠳᠦᠷᠢᠮ
  9. ᠭᠠᠳᠠᠭᠠᠳᠤ ᠦᠭᠡ
  10. ᠦᠭᠡ ᠬᠤᠪᠢᠯᠭᠠᠬᠤ ᠵᠢᠱᠢᠶ᠎ᠡ
  11. ᠠᠶ᠋ᠢᠮᠠᠭ᠂ ᠰᠤᠮᠤ᠂ ᠳᠡᠭᠦᠷᠭᠡ ᠶᠢᠨ ᠨᠡᠷ᠎ᠡ
  12. ᠳ᠋ᠢᠫᠯᠣᠮᠠᠲᠢᠻ ᠬᠠᠷᠢᠯᠴᠠᠭᠠᠲᠠᠢ ᠤᠯᠤᠰ ᠣᠷᠣᠨᠤ ᠨᠡᠷᠡᠰ
  13. ᠪᠠᠭᠴᠠᠯᠠᠭᠰᠠᠨ ᠳᠦᠷᠢᠮ
  14. ᠪᠠᠭᠴᠠᠯᠠᠭᠰᠠᠨ ᠦᠭᠡᠰ ᠭᠡᠰᠡᠨ ᠬᠡᠰᠡᠭ ᠡᠴᠡ ᠪᠦᠢᠳᠦᠨ᠎ᠡ᠃

ᠭᠠᠷ ᠤᠲᠠᠰᠤᠨ ᠤ ᠲᠣᠯᠢ ᠪᠠ ᠴᠠᠬᠢᠮ ᠲᠣᠯᠢ

ᠭᠠᠷ᠎ ᠤᠲᠠᠰᠤᠨ ᠳᠡᠭᠡᠷ᠎ᠡ ᠵᠢᠷᠤᠮᠯᠠᠭᠰᠠᠨ ᠲᠣᠯᠢ ᠶᠢ ᠰᠠᠭᠤᠯᠭᠠᠵᠤ ᠪᠣᠯᠤᠨ᠎ᠠ᠃ ᠭᠡᠪᠡᠴᠦ ᠻᠢᠷᠢᠯᠯ ᠦᠰᠦᠭ ᠦᠨ ᠳᠦᠷᠢᠮ ᠪᠠᠶ᠋ᠢᠳᠠᠭ ᠦᠭᠡᠢ ᠪᠠ ᠦᠭᠡ ᠬᠤᠪᠢᠯᠭᠠᠬᠤ ᠵᠢᠱᠢᠶ᠎ᠡ ᠢᠨᠤ ᠬᠡᠪᠯᠡᠮᠡᠯ ᠲᠣᠯᠢ ᠬᠢ ᠲᠠᠢ ᠵᠥᠷᠳᠡᠭ᠃ ᠴᠠᠬᠢᠮ ᠲᠣᠯᠢ ᠴᠦ ᠮᠥᠨ ᠢᠯᠭᠠᠭ᠎ᠠ ᠦᠭᠡᠢ᠃

ᠴᠠᠬᠢᠮ ᠲᠣᠯᠢ ᠶᠢᠨ ᠪᠢᠴᠢᠯᠭᠡ ᠶᠢᠨ ᠮᠠᠷᠭᠤᠭᠠᠨ

ᠴᠠᠬᠢᠮ ᠲᠣᠯᠢ ᠠᠴᠠ ᠬᠤᠪᠢᠷᠭᠠᠭᠰᠠᠨ ᠦᠭᠡ ᠶᠢ ᠪᠢᠴᠢᠵᠦ ᠬᠠᠶ᠋ᠢᠬᠤ ᠳᠦ ᠳᠦᠷᠢᠮ ᠦᠨ ᠠᠯᠳᠠᠭᠠᠲᠠᠢᠬᠡᠳᠦᠢ ᠴᠦ ᠭᠠᠷᠴᠦ ᠢᠷᠡᠳᠡᠭ ᠠᠪᠴᠤ᠂ ᠳᠦᠷᠢᠮ ᠶᠢᠡᠷ ᠪᠢᠴᠢᠭᠰᠡᠨ ᠦᠭᠡ ᠭᠠᠷᠴᠤ ᠢᠷᠡᠳᠡᠭ ᠦᠭᠡᠢ᠃ᠡᠭᠦᠨ ᠢ ᠬᠡᠯᠡᠨ ᠦᠨ ᠪᠣᠳᠤᠯᠭ᠎ᠠ ᠶᠢᠨ ᠦᠨᠳᠦᠰᠦᠨ ᠦᠨ ᠵᠥᠪᠯᠡᠯ ᠦᠨ ᠳᠠᠷᠭ᠎ᠠ ᠠᠴᠠ ᠰᠤᠷᠪᠤᠯᠵᠢᠯᠠᠬᠤ ᠳᠤ᠄ ᠲᠣᠯᠢ ᠪᠢᠴᠢᠭ ᠡᠴᠡ ᠦᠭᠡ ᠬᠠᠶ᠋ᠢᠬᠤ ᠳᠠᠭᠠᠨ ᠵᠥᠪᠬᠡᠨ ᠲᠤᠬᠠᠢ ᠶᠢᠨ ᠦᠭᠡ ᠶᠢᠨ ᠦᠨᠳᠦᠰᠦ ᠪᠡᠷ ᠬᠠᠶ᠋ᠢᠬᠤ ᠬᠡᠷᠡᠭᠲᠡᠢ ᠭᠡᠪᠡᠢ᠃[2]

ᠲᠣᠯᠢ ᠶᠢᠨ ᠣᠨᠴᠠᠯᠢᠭ

ᠲᠣᠯᠢ ᠠᠨᠤ ᠦᠭᠡ ᠶᠢᠨ ᠵᠥᠪ ᠪᠢᠴᠢᠬᠦ ᠶᠢ ᠬᠠᠷᠠᠭᠤᠯᠳᠠᠭ᠂ ᠦᠭᠡ ᠶᠢᠨ ᠪᠢᠴᠢᠯᠭᠡ ᠳᠦ ᠠᠩᠬᠠᠷᠤᠭᠰᠠᠨ ᠣᠷᠲ᠋ᠣᠭ᠌ᠷᠠᠹᠢ ᠶᠢᠨ ᠬᠢ ᠪᠢᠯᠡ᠃