ᠷᠢᠮᠠᠨ ᠊ᠤ ᠭᠧᠣᠮᠧᠲ᠋ᠧᠷ
ᠷᠢᠮᠠᠨ ᠤ ᠭᠧᠣᠮᠧᠲ᠋ᠧᠷ
ᠷᠢᠮᠠᠨ ᠤ ᠭᠧᠣᠮᠧᠲ᠋ᠷ ᠨᠢ ᠲᠣᠭᠲᠠᠮᠠᠯ ᠡᠶᠡᠷᠡᠭ ᠮᠤᠷᠤᠶ᠋ᠢᠯᠲᠠ ᠲᠠᠢ ᠭᠠᠳᠠᠷᠭᠤ ᠪᠤᠶᠤ ᠵᠤᠤᠪᠠᠩ ᠭᠠᠳᠠᠷᠭᠤ ᠳᠡᠭᠡᠷ᠎ᠡ ᠬᠡᠷᠡᠭᠵᠢᠳᠡᠭ᠃[1]
ᠤᠯᠠᠮᠵᠢᠯᠠᠯᠲᠤ ᠪᠤᠰᠤ ᠭᠧᠣᠮᠧᠲ᠋ᠧᠷ ᠦᠨ ᠡᠨᠡ ᠬᠡᠯᠪᠡᠷᠢ ᠢᠢ ᠮᠥᠨ ᠧᠯᠯᠢᠫᠰ ᠦᠨ ᠭᠧᠣᠮᠧᠲ᠋ᠧᠷ ᠭᠡᠳᠡᠭ᠃[2] ᠧᠦ᠋ᠻ᠊ᠯᠢᠳ᠋ ᠦᠨ ᠪᠤᠶᠤ ᠤᠯᠠᠮᠵᠢᠯᠠᠲᠤ ᠭᠧᠣᠮᠧᠲ᠋ᠧᠷ ᠨᠢ ᠲᠡᠭ ᠮᠤᠷᠤᠢᠢᠯᠲᠠ ᠲᠠᠢ ᠬᠠᠪᠲᠠᠭᠠᠢ ᠣᠷᠤᠨ ᠵᠠᠢ ᠢᠢᠨ ᠭᠧᠣᠮᠧᠲ᠋ᠡᠷ ᠪᠠᠢᠢᠳᠠᠭ ᠪᠣᠯ ᠯᠣᠪᠠᠴᠧᠹᠰᠻᠢ ᠢᠢᠨ ᠬᠢ ᠨᠢ ᠰᠥᠷᠭᠦ ᠮᠤᠷᠤᠢᠢᠯᠲᠠ ᠲᠠᠢ ᠣᠷᠤᠨ ᠵᠠᠢ ᠢᠢ ᠳᠦᠷᠰᠦᠯᠡᠳᠡᠭ ᠪᠢᠯᠡ᠃
ᠬᠠᠷᠢᠨ ᠷᠢᠮᠠᠨ ᠤ ᠭᠧᠣᠮᠧᠲ᠋ᠧᠷ ᠨᠢ ᠡᠶᠡᠷᠡᠭ ᠮᠤᠷᠤᠢᠢᠯᠲᠠᠲᠠᠢ ᠭᠦᠳᠦᠭᠦᠷ ᠣᠷᠤᠨ ᠵᠠᠢ ᠢᠢᠨ ᠵᠠᠭᠪᠤᠷ ᠪᠣᠯᠤᠨ ᠠ᠋᠃
ᠠᠻᠰᠢᠣᠮ
|
ᠲᠤᠬᠠᠢ ᠢᠢᠨ ᠰᠢᠯᠠᠭᠤᠨ ᠲᠠᠢ ᠨᠢᠭᠡ ᠬᠠᠪᠲᠠᠭᠠᠢ ᠳ᠋ᠤ ᠣᠷᠣᠰᠢᠵᠤ ᠪᠠᠢᠢᠭ ᠠ᠋ ᠰᠢᠯᠠᠭᠤᠨ ᠲᠤᠰ ᠪᠦᠷᠢ ᠲᠤᠬᠠᠢ ᠢᠢᠨ ᠰᠢᠯᠠᠭᠤᠨ ᠲᠠᠢ ᠣᠭᠲᠤᠯᠤᠯᠴᠠᠨ ᠠ᠋᠃ [3]
ᠪᠠᠰᠠ᠄
ᠬᠡᠷᠪᠡ ᠰᠢᠯᠠᠭᠤᠨ ᠱᠤᠭᠤᠮ ᠪᠥᠭᠡᠳ ᠴᠡᠭ ᠨᠢ ᠲᠡᠭᠦᠨ ᠦ ᠭᠠᠳᠠᠨ ᠠ ᠣᠷᠤᠰᠢᠵᠤ ᠪᠠᠢᠢᠭ ᠠ᠋ ᠪᠣᠯ ᠰᠢᠯᠠᠭᠤᠨ ᠪᠠ ᠴᠡᠭ ᠢ ᠳᠠᠮᠨᠠᠭᠰᠠᠨ ᠬᠠᠪᠲᠠᠭᠠᠢ ᠳ᠋ᠤ ᠰᠢᠯᠠᠭᠤᠨ ᠲᠠᠢ ᠦᠯᠦ ᠣᠭᠲᠤᠯᠤᠯᠴᠠᠬᠤ ᠨᠢᠭᠡ ᠴᠦ ᠰᠢᠯᠠᠭᠤᠨ ᠪᠠᠢᠢᠬᠤ ᠦᠭᠡᠢ᠃[4]
ᠪᠠᠰᠠ᠄
ᠲᠤᠬᠠᠢ ᠢᠢᠨ ᠰᠢᠯᠠᠭᠤᠨ ᠳ᠋ᠤ ᠫᠧᠷᠫᠧᠨ᠍ᠡᠳᠢᠻᠦ᠋ᠯᠠᠷ ᠬᠣᠶᠠᠷ ᠰᠢᠯᠠᠭᠤᠨ ᠬᠣᠭᠤᠷᠤᠨᠳᠤ ᠪᠠᠨ ᠣᠭᠲᠤᠯᠤᠯᠴᠠᠨ ᠠ᠋᠃
ᠶᠡᠷᠦ ᠨᠢ᠂ ᠲᠤᠬᠠᠢ ᠢᠢᠨ ᠰᠢᠯᠠᠭᠤᠨ ᠤ ᠨᠢᠭᠡ ᠲᠠᠯ ᠠ᠋ ᠳᠠᠬᠢ ᠪᠦᠬᠢ ᠫᠧᠷᠫᠧᠨ᠍ᠳᠢᠻᠦ᠋ᠯᠠᠷ ᠤᠳ ᠲᠡᠷᠡ ᠬᠦ ᠰᠢᠯᠠᠭᠤᠨ ᠤ "ᠦᠨᠡᠮᠯᠡᠬᠦᠢ ᠲᠤᠢᠢᠯ" ᠬᠡᠮᠡᠬᠦ ᠭᠠᠭᠴᠠ ᠴᠡᠭ ᠲᠦ ᠣᠭᠲᠤᠯᠤᠯᠴᠠᠨ ᠠ᠋᠃
ᠲᠤᠬᠠᠢ ᠢᠢᠨ ᠰᠢᠯᠠᠭᠤᠨ ᠤ ᠨᠥᠭᠦᠭᠡ ᠲᠠᠯ ᠠ᠋ ᠳ᠋ᠠᠬᠢ ᠫᠧᠷᠫᠧᠨ᠍ᠳᠢᠻᠦ᠋ᠯᠠᠷ ᠤᠳ ᠴᠤ ᠮᠥᠨ ᠨᠢᠭᠡ ᠴᠡᠭ ᠲᠦ ᠣᠭᠲᠤᠯᠤᠯᠴᠠᠨ ᠠ᠋᠃
ᠬᠣᠶᠠᠷ ᠡᠰᠡᠷᠭᠦ ᠲᠠᠯ ᠠ᠋ ᠳ᠋ᠠᠬᠢ ᠲᠤᠢᠢᠯ ᠤᠳ ᠨᠢᠭᠡ ᠯᠡ ᠲᠤᠢᠢᠯ ᠪᠠᠢᠢᠨ᠌ ᠊ᠠ᠋᠃
ᠤᠯᠠᠮᠵᠢᠯᠠᠯᠲᠤ ᠭᠧᠣᠮᠧᠲ᠋ᠧᠷ ᠲᠦ ᠰᠢᠯᠠᠭᠤᠨ ᠨᠢ ᠬᠣᠶᠠᠷ ᠵᠦᠭ ᠲᠦ ᠬᠢᠵᠠᠭᠠᠷ ᠦᠭᠡᠢ ᠪᠠᠢᠢᠳᠠᠭ ᠪᠣᠯ ᠷᠢᠮᠠᠨ ᠤ ᠭᠧᠣᠮᠧᠲ᠋ᠧᠷ ᠲᠦ ᠰᠢᠯᠠᠭᠤᠨ ᠨᠢ ᠪᠢᠲᠠᠭᠦ ᠪᠠᠢᠢᠳᠠᠭ᠃[5]
ᠰᠢᠯᠠᠭᠤᠨ ᠭᠡᠵᠦ ᠷᠢᠮᠠᠨ ᠤ ᠭᠧᠣᠮᠧᠲ᠋ᠧᠷ ᠲᠦ ᠪᠥᠮᠪᠦᠷᠴᠡᠭ ᠦᠨ ᠪᠦᠰᠡᠯᠡᠭᠦᠷ ᠲᠣᠭᠤᠷᠢᠭ ᠤᠳ ᠢ ᠬᠡᠯᠡᠳᠡᠭ ᠪᠥᠭᠡᠳ ᠡᠨᠡ ᠨᠢ ᠴᠢᠩᠬ᠎ᠠ ᠡᠰᠡᠷᠭᠦ ᠲᠠᠯ ᠋ᠠ᠋ ᠳ᠋ᠤ ᠪᠠᠢᠢᠷᠢᠯᠠᠬᠤ ᠴᠡᠭ ᠦᠳ ᠦᠨ ᠣᠯᠤᠨᠯᠢᠭ ᠪᠣᠯᠵᠤ ᠪᠠᠢᠢᠨ ᠠ᠋᠃
ᠰᠢᠯᠠᠭᠤᠨ ᠢ ᠢᠩᠭᠢᠵᠦ ᠲᠣᠳᠤᠷᠬᠠᠶ᠋ᠢᠯᠠᠭᠰᠠᠨ ᠢᠢᠠᠷ ᠰᠢᠯᠠᠭᠤᠨ ᠤ ᠤᠷᠲᠤ ᠨᠢ ᠳᠠᠷᠠᠭᠠᠬᠢ ᠲᠡᠭᠰᠢᠳᠬᠡᠯ ᠢᠢᠡᠷ ᠲᠣᠮᠢᠶᠠᠯᠠᠭᠳᠠᠨ ᠠ᠋᠄
ᠡᠭᠦᠨ ᠳ᠋ᠦ᠄
L ᠨᠢ ᠰᠢᠯᠠᠭᠤᠨ ᠤ ᠤᠷᠲᠤ᠂
r ᠨᠢ ᠬᠡᠭᠡᠰᠦ (ᠷᠠᠳᠢᠦ᠋ᠰ)᠃
ᠧᠯᠯᠢᠫᠰ ᠭᠧᠣᠮᠧᠲ᠋ᠷ ᠲᠦ ᠭᠤᠷᠪᠠᠯᠵᠢᠨ ᠤ ᠥᠨᠴᠦᠭ ᠦᠳ ᠦᠨ ᠨᠡᠢᠢᠯᠡᠪᠦᠷᠢ ᠢᠮᠠᠭᠲᠠ 180° ᠡᠴᠡ ᠶᠡᠬᠡ ᠪᠠᠢᠢᠨ ᠠ᠋᠃[6]
ᠮᠥᠨ ᠲᠥᠰᠦᠲᠠᠢ ᠭᠤᠷᠪᠠᠯᠵᠢᠨ ᠨᠤᠭᠤᠳ ᠵᠠᠪᠠᠯ ᠻᠣᠨ᠍ᠭ᠌ᠷᠦ᠋ᠧᠨ᠍ᠲcongruent ᠪᠠᠢᠢᠨ ᠠ᠋᠃
ᠠᠴᠢ ᠬᠣᠯᠪᠤᠭᠳᠠᠯ
|
ᠷᠢᠮᠠᠨ ᠤ ᠭᠧᠣᠮᠧᠲ᠋ᠷ ᠧᠦ᠋ᠻ᠊ᠯᠢᠳ᠋᠂ ᠭᠠᠦ᠋ᠰᠰ᠂ ᠪᠣᠯᠢᠶᠠᠢ᠂ ᠯᠣᠪᠠᠴᠧᠹᠰᠻᠢ ᠨᠠᠷ ᠤᠨ ᠣᠨᠣᠯ ᠢ ᠪᠦᠭᠦᠳᠡ ᠶᠢ ᠨᠢᠭᠡ ᠳᠡᠭᠡᠪᠦᠷ ᠳᠣᠣᠷ᠎ᠠ ᠣᠷᠣᠭᠤᠯᠵᠤ ᠥᠭᠭᠦᠭᠰᠡᠨ ᠪᠠᠶ᠋ᠢᠨ᠎ᠠ᠃
ᠲᠡᠭᠦᠨᠴᠢᠯᠡᠨ᠂ ᠲᠡᠳᠡᠭᠡᠷ ᠢ ᠦᠯᠡᠮᠵᠢ ᠥᠷᠭᠡᠳᠬᠡᠵᠦ᠂ ᠡᠮᠦᠨ᠎ᠡ ᠨᠢ ᠬᠡᠨ ᠦ ᠴᠤ ᠲᠥᠰᠦᠭᠡᠯᠡᠵᠦ ᠪᠠᠶ᠋ᠢᠭᠠᠳᠦᠢ ᠴᠣ ᠰᠢᠨ ᠡ ᠪᠣᠯᠤᠮᠵᠢ ᠶᠢ ᠬᠦᠮᠦᠨ ᠲᠥᠷᠥᠯᠬᠢᠲᠡᠨ ᠦ ᠣᠶᠤᠨ ᠤᠬᠠᠭᠠᠨ ᠳᠤ ᠨᠡᠭᠡᠭᠡᠵᠦ ᠥᠭᠴᠡᠢ᠃
ᠪᠣᠳᠠᠲᠤ ᠹᠢᠽᠢᠻ ᠣᠷᠤᠨ ᠵᠠᠢ᠂ ᠴᠠᠭ ᠬᠤᠭᠤᠴᠠᠭᠠᠨ ᠤ ᠭᠧᠣᠮᠧᠲ᠋ᠧᠷ ᠴᠢᠨᠠᠷ ᠤᠳ ᠨᠢ ᠧᠦ᠋ᠻ᠊ᠯᠢᠳ᠋ ᠦᠨ ᠭᠧᠣᠮᠧᠲ᠋ᠧᠷ ᠲᠦ ᠪᠢᠰᠢ ᠬᠠᠷᠢᠨ ᠷᠢᠮᠠᠨ ᠤ ᠭᠧᠣᠮᠧᠲ᠋ᠧᠷ ᠲᠦ ᠬᠠᠷᠭᠠᠯᠵᠠᠳᠠᠭ ᠪᠠᠢᠢᠨ ᠠ᠋᠃[7]
ᠲᠡᠦᠬᠡᠨ ᠳᠠᠷᠠᠭᠠᠯᠠᠯ ᠤᠨ ᠬᠤᠪᠢ ᠳᠤ ᠷᠢᠮᠠᠨ ᠤ ᠭᠧᠣᠮᠡᠲ᠋ᠷ ᠨᠢ ᠯᠣᠪᠠᠴᠧᠹᠰᠻᠢ ᠢᠢᠨ ᠭᠧᠣᠧᠡᠲ᠋ᠧᠷ ᠡᠴᠡ ᠬᠣᠵᠢᠭᠤ᠂ 1854 ᠣᠨ ᠳᠤ ᠭᠠᠷᠴᠤ ᠢᠷᠡᠭᠰᠡᠨ᠃
ᠧᠦᠻ᠊ᠯᠢᠳ᠋ ᠦᠨ ᠭᠧᠣᠮᠧᠲ᠋ᠧᠷ ᠦᠨ ᠰᠠᠭᠤᠷᠢ ᠶᠢ ᠷᠢᠮᠠᠨ ᠪᠥᠷᠢᠨ ᠬᠢᠨᠠᠵᠤ ᠦᠵᠠᠭᠠᠳ᠂ ᠲᠡᠭᠦᠨ ᠦ ᠣᠷᠣᠨ ᠳᠤ ᠭᠧᠣᠮᠧᠲ᠋ᠧᠷ ᠪᠠᠢᠢᠭᠤᠯᠬᠤ ᠥᠪᠡᠷ ᠦᠨ ᠵᠠᠷᠴᠢᠮ ᠤᠳ ᠢ ᠰᠠᠨᠠᠯ ᠪᠣᠯᠭᠠᠵᠠᠢ᠃
ᠡᠭᠦᠪᠡᠷ ᠢᠶ᠋ᠡᠨ ᠧᠦᠻ᠊ᠯᠢᠳ᠋ ᠦᠨ ᠪᠤᠰᠤ ᠭᠧᠣᠮᠧᠡᠲ᠋ᠧᠷ ᠦᠨ ᠣᠯᠠᠨ ᠬᠡᠯᠪᠡᠷᠢ ᠪᠠᠶ᠋ᠢᠵᠤ᠂ ᠣᠷᠣᠨ ᠵᠠᠢ ᠶᠢᠨ ᠬᠢᠵᠠᠭᠠᠷ ᠦᠭᠡᠢ ᠣᠯᠠᠨ ᠥᠭᠡᠷ ᠠ᠋ ᠪᠦᠲᠦᠴᠡ ᠶᠢ ᠲᠣᠳᠣᠷᠬᠠᠶ᠋ᠢᠯᠠᠵᠤ ᠪᠣᠯᠬᠤ ᠶᠢ ᠲᠤᠩᠬᠠᠭᠯᠠᠭᠰᠠᠨ ᠪᠠᠶ᠋ᠢᠨ᠎ᠠ᠃
ᠷᠢᠮᠠᠨ ᠡᠳᠡᠭᠡᠷ ᠪᠣᠯᠤᠮᠵᠢᠲᠤ ᠬᠤᠪᠢᠯᠪᠤᠷᠢ ᠨᠤᠭᠤᠳ ᠠᠴᠠ ᠡᠩ ᠦᠨ ᠨᠢᠭᠡᠨ ᠲᠣᠬᠢᠶᠠᠯᠳᠤᠯ ᠪᠣᠯᠬᠤ ᠲᠣᠭᠲᠠᠮᠠᠯ ᠡᠶᠡᠷᠡᠭ ᠮᠤᠷᠤᠶ᠋ᠢᠯᠲᠠ ᠲᠠᠢ ᠣᠷᠣᠨ ᠵᠠᠢ ᠶᠢ ᠳᠦᠷᠰᠦᠯᠡᠭᠰᠡᠨ ᠭᠧᠣᠮᠧᠲ᠋ᠧᠷ ᠢ ᠲᠠᠨᠢᠯᠴᠠᠭᠤᠯᠤᠭᠰᠠᠨ ᠪᠢᠯᠡ᠃[5]
ᠬᠠᠷᠢᠴᠠᠩᠭᠤᠢ ᠢᠢᠨ ᠶᠡᠷᠦᠩᠬᠡᠢ ᠣᠨᠤᠯ ᠢ ᠪᠠᠢᠢᠭᠤᠯᠤᠭᠰᠠᠨ ᠧᠢᠢᠨ᠍ᠱᠲᠠᠢᠨ ᠥᠪᠡᠷ ᠲᠦ ᠪᠡᠨ ᠬᠡᠷᠡᠭ ᠲᠡᠢ ᠦᠨᠡᠨ ᠵᠥᠪ ᠮᠠᠲᠾᠧᠮᠠᠲᠢᠻ ᠬᠡᠷᠡᠭᠰᠡᠯ ᠢ ᠷᠢᠮᠠᠨ ᠤ ᠭᠧᠣᠮᠧᠲ᠋ᠧᠷ ᠡᠴᠡ ᠣᠯᠵᠤ[8]᠂ ᠲᠡᠭᠦᠨ ᠳᠤ ᠲᠦᠰᠢᠭᠯᠡᠭᠰᠡᠨ ᠪᠢᠯᠡ᠃
ᠨᠡᠷ ᠡ᠋ ᠲᠣᠮᠢᠶᠠᠯᠠᠯ
ᠡᠬᠢ ᠰᠤᠷᠪᠤᠯᠵᠢ
- ↑ https://science.wikia.org/ru/wiki/%D0%93%D0%B5%D0%BE%D0%BC%D0%B5%D1%82%D1%80%D0%B8%D1%8F_%D0%A0%D0%B8%D0%BC%D0%B0%D0%BD%D0%B0 Наука. Геометрия Римана. ᠬᠠᠨᠳᠤᠭᠰᠠᠨ 2021/02/28
- ↑ [https://www.booksite.ru/fulltext/1/001/008/080/804.htm Н. В. Ефимов. Неевклидовы геометрии]. ᠬᠠᠨᠳᠤᠭᠰᠠᠨ 2021/03/02
- ↑ https://bigenc.ru/mathematics/text/2652171 Н. В. Ефимов. Неевклидовы геометрии. ᠬᠠᠨᠳᠤᠭᠰᠠᠨ 2021/02/23
- ↑ Benno Klotzek: . 1. Auflage. Harri Deutsch, Frankfurt am Main 2001, ISBN 3-8171-1583-0
- ↑ 5.0 5.1 О.А.Старова. Геометрия Римана. 2012/12. ᠬᠠᠨᠳᠤᠭᠰᠠᠨ 2021/03/02]
- ↑ WolframMathWorld. Elliptic Geometry. ᠬᠠᠨᠳᠤᠭᠰᠠᠨ 2021/03/02
- ↑ В.А.Фок. Теория пространства, времени и тяготения. ГИТТЛ. Москва 1955. с. 253
- ↑ Max Born. Physics in My Generation (Springer, 1969), ISBN 0-387-90008-X. p. 329