ᠳᠥᠷᠪᠡᠯᠵᠢᠨ ᠪᠢᠴᠢᠭ
| ᠶᠡᠬᠡ ᠭᠦᠷᠦᠨ ᠦ ᠦᠶ ᠡ᠋ ᠢᠢᠨ ᠫᠠᠢᠢᠵᠠ |
ᠪᠣᠰᠤᠭ᠎ᠠ ᠳᠥᠷᠪᠡᠯᠵᠢᠨ ᠪᠢᠴᠢᠭ ᠪᠣᠯ ᠮᠣᠩᠭᠣᠯ᠂ ᠲᠥᠪᠡᠳ᠂ ᠰᠠᠮᠭᠠᠷᠳᠢ᠂ ᠬᠢᠲᠠᠳ ᠬᠡᠯᠡ ᠪᠡᠷ ᠪᠢᠴᠢᠬᠦ ᠵᠣᠷᠢᠯᠭ᠎ᠠ ᠲᠠᠢ ᠵᠣᠬᠢᠶᠠᠭᠰᠠᠨ ᠪᠢᠴᠢᠭ ᠪᠢᠯᠡ᠃
ᠫᠠᠭᠪᠠ ᠪᠯᠠᠮ ᠠ᠋ ᠳᠥᠷᠪᠡᠯᠵᠢᠨ ᠪᠢᠴᠢᠭ ᠢ ᠵᠣᠬᠢᠶᠠᠭᠰᠠᠨ ᠲᠤᠯᠠ ᠣᠯᠠᠨ ᠤᠯᠤᠰ ᠤᠨ ᠰᠤᠳᠤᠯᠭᠠᠨ ᠤ ᠬᠦᠷᠢᠶᠡᠨ ᠳᠦ ‘Phagspa (འཕགས་པ) ᠪᠢᠴᠢᠭ ᠭᠡᠵᠦ ᠠᠯᠳᠠᠷᠰᠢᠭᠰᠠᠨ᠃
ᠳᠥᠷᠪᠡᠯᠵᠢᠨ ᠪᠢᠴᠢᠭ ᠢ ᠬᠤᠪᠢᠯᠠᠢ ᠬᠠᠭᠠᠨ ᠤ ᠵᠠᠷᠯᠢᠭ ᠢᠶ᠋ᠠᠷ 1262 ᠣᠨ ᠳᠤ ᠵᠣᠬᠢᠶᠠᠭᠰᠠᠨ ᠪᠠᠶ᠋ᠢᠨ᠎ᠠ᠃
ᠮᠥᠨ ᠥᠨᠳᠥᠷ ᠭᠡᠭᠡᠭᠡᠨ ᠵᠠᠨᠠᠪᠠᠵᠠᠷ 17 ᠳ᠋ᠤᠭᠠᠷ ᠵᠠᠭᠤᠨ ᠤ ᠰᠡᠭᠦᠯ ᠢᠢᠡᠷ ᠰᠢᠨ᠎ᠡ ᠳᠥᠷᠪᠡᠯᠵᠢᠨ ᠪᠢᠴᠢᠭ ᠵᠣᠬᠢᠶᠠᠭᠰᠠᠨ ᠪᠠᠶ᠋ᠢᠳᠠᠭ᠃
ᠲᠡᠶ᠋ᠢᠮᠦ ᠡᠴᠡ ᠥᠨᠳᠦᠷ ᠭᠡᠭᠡᠨ ᠦ ᠵᠣᠬᠢᠶᠠᠭᠰᠠᠨ ᠳᠥᠷᠪᠡᠯᠵᠢᠨ ᠪᠢᠴᠢᠭ ᠢ "ᠬᠡᠪᠲᠡᠭᠡ ᠳᠥᠷᠪᠡᠯᠵᠢᠨ ᠪᠢᠴᠢᠭ"᠂ ‘Phagspa ᠪᠢᠴᠢᠭ ᠢ "ᠪᠣᠰᠤᠭ᠎ᠠ ᠳᠥᠷᠪᠡᠯᠵᠢᠨ ᠪᠢᠴᠢᠭ "ᠬᠡᠮᠡᠨ ᠢᠯᠭᠠᠨ ᠨᠡᠷᠡᠯᠡᠬᠦ ᠲᠣᠬᠢᠶᠠᠯᠳᠤᠯ ᠪᠠᠶ᠋ᠢᠳᠠᠭ᠃
ᠲᠡᠦᠬᠡ
| ᠰᠠ᠋ ᠰᠺᠶ ᠠ᠋ ᠪᠠᠨᠳᠢᠳᠠ ᠢᠢᠨ ᠵᠣᠬᠢᠶᠠᠭᠰᠠᠨ ᠰᠠᠢᠲᠤᠷ ᠨᠣᠮᠯᠠᠭᠰᠠᠨ ᠡᠷᠳᠡᠨᠢ ᠢᠢᠨ ᠱᠠᠰᠲᠢᠷ ལེགས་པར་ བཤད་པ་ རིན་པོ་ཆེའི་ བསྟན་བཅོས་ བཞུགས་སོ། |
ᠳᠥᠷᠪᠡᠯᠵᠢᠨ ᠪᠢᠴᠢᠭ ᠢ ᠬᠤᠪᠢᠯᠠᠢ ᠬᠠᠭᠠᠨ ᠤᠯᠤᠰ ᠤᠨ ᠪᠠᠭᠰᠢ ᠫᠠᠭᠪᠠ ᠪᠯᠠᠮ ᠠ᠋ ᠯᠣᠳᠣᠶ᠋ᠢᠵᠠᠯᠴᠠᠨ ᠢᠶ᠋ᠠᠷ ᠵᠣᠬᠢᠶᠠᠯᠭᠠᠵᠤ᠂ ᠶᠡᠬᠡ ᠶᠤᠸᠠᠨ ᠭᠦᠷᠦᠨ ᠦ ᠪᠦᠷᠢᠯᠳᠦᠬᠦᠨ ᠳᠦ ᠪᠠᠭᠲᠤᠭᠰᠠᠨ ᠪᠦᠬᠦ ᠤᠯᠤᠰ ᠦᠨᠳᠦᠰᠦᠲᠡᠨ ᠦ ᠪᠢᠴᠢᠭ ᠪᠣᠯᠭᠠᠬᠤ ᠶᠢ ᠵᠣᠷᠢᠵᠠᠢ᠃
ᠤᠴᠢᠷ ᠨᠢ XIII ᠵᠠᠭᠤᠨ ᠤ ᠰᠡᠭᠦᠯ ᠦᠨ ᠬᠠᠭᠠᠰ ᠲᠤ ᠲᠣᠭᠲᠠᠭᠰᠠᠨ ᠤᠯᠤᠰ ᠭᠦᠷᠦᠨ ᠦ ᠳᠣᠲᠣᠷᠠᠬᠢ ᠣᠯᠠᠨ ᠣᠪᠣᠭ ᠠᠶ᠋ᠢᠮᠠᠭ ᠤᠳ ᠤᠨ ᠬᠡᠯᠡ ᠠᠶᠠᠯᠭᠤ ᠶᠢ ᠠᠳᠠᠯᠢ ᠲᠡᠭᠰᠢ ᠲᠡᠮᠳᠡᠭᠯᠡᠬᠦ᠂ "ᠣᠯᠠᠨ ᠤᠯᠤᠰ ᠳᠤᠮᠳᠠ ᠶᠢᠨ" ᠪᠢᠴᠢᠭ ᠦᠨ ᠬᠡᠯᠡ ᠲᠡᠢ ᠪᠣᠯᠬᠤ ᠭᠡᠰᠡᠨ ᠡᠵᠡᠨᠳᠦ ᠭᠦᠷᠦᠨ ᠦ ᠪᠣᠳᠣᠯᠭ᠎ᠠ ᠳᠠᠪᠠᠮᠠᠭᠠᠶ᠋ᠢᠯᠠᠵᠤ ᠪᠠᠶ᠋ᠢᠪᠠ᠃
ᠯᠣᠳᠣᠶ᠋ᠢᠵᠠᠯᠴᠠᠨ ᠪᠣᠯ ᠲᠠᠪᠤᠨ ᠤᠬᠠᠭᠠᠨ ᠳᠤ ᠮᠡᠷᠭᠡᠰᠢᠭᠰᠡᠨ ᠪᠠᠨᠳᠢᠳᠠ ᠭᠦᠩᠭᠠᠵᠠᠯᠴᠠᠨ ᠤ ᠠᠴᠢ ᠬᠦᠪᠡᠭᠦᠨ ᠶᠤᠮ᠃ ᠥᠭᠡᠳᠡᠢ ᠬᠠᠭᠠᠨ ᠤ ᠬᠦᠦ ᠭᠣᠳᠠᠨ ᠨᠣᠶᠠᠨ ᠤ ᠤᠷᠢᠯᠭ᠎ᠠ ᠪᠠᠷ ᠪᠠᠨᠳᠢᠳᠠ ᠭᠦᠩᠭᠠᠵᠠᠯᠴᠠᠨ ᠬᠥᠬᠡ ᠨᠠᠭᠤᠷ ᠲᠤ ᠢᠷᠡᠵᠦ ᠮᠣᠩᠭᠣᠯ ᠪᠢᠴᠢᠭ ᠦᠨ ᠠᠩᠬᠠᠨ ᠤ ᠬᠡᠯᠡ ᠵᠦᠢ "ᠵᠢᠷᠦᠬᠡᠨ ᠲᠣᠯᠲᠠ" ᠍ ᠢ ᠵᠣᠬᠢᠶᠠᠬᠤ ᠦᠶᠡᠰ ᠲᠦ ᠪᠡᠨ ᠠᠴᠢ ᠬᠦᠦ ᠯᠣᠳᠤᠶ᠋ᠢᠵᠠᠯᠴᠠᠨ ᠢ ᠢᠢᠠᠨ ᠳᠠᠭᠠᠭᠤᠯᠤᠨ ᠢᠷᠡᠵᠦ ᠪᠠᠶ᠋ᠢᠵᠠᠢ᠃
ᠬᠤᠪᠢᠯᠠᠢ ᠬᠠᠭᠠᠨ ᠫᠠᠭᠪᠠ ᠪᠯᠠᠮ ᠠ᠋ ᠯᠣᠳᠣᠶ᠋ᠢᠵᠠᠯᠴᠠᠨ ᠢ 1253 ᠣᠨ ᠳᠤ ᠵᠠᠯᠠᠵᠤ ᠢᠷᠡᠭᠦᠯᠦᠭᠰᠡᠨ᠃ᠫᠠᠭᠪᠠ ᠪᠯᠠᠮ ᠠ᠋ ᠮᠣᠩᠭᠣᠯ ᠤᠨ ᠳᠥᠷᠪᠡᠯᠵᠢᠨ ᠪᠢᠴᠢᠭ ᠬᠡᠮᠡᠬᠦ ᠰᠢᠨ᠎ᠡ ᠦᠭᠡᠰ ᠢ 9 ᠵᠢᠯ ᠦᠨ ᠲᠤᠷᠰᠢ ᠳ᠋ᠤ ᠵᠣᠬᠢᠶᠠᠵᠤ ᠳᠠᠭᠤᠰᠤᠭᠠᠳ᠂ ᠳᠥᠷᠪᠡᠯᠵᠢᠨ ᠦᠰᠦᠭ ᠦᠨ ᠠᠩᠬᠠᠨ ᠤ ᠰᠤᠷᠭᠠᠭᠤᠯᠢ ᠶᠢ ᠥᠪᠡᠷ ᠢᠢᠡᠨ ᠭᠠᠷᠳᠠᠨ ᠶᠠᠪᠤᠭᠤᠯᠵᠤ ᠪᠠᠶ᠋ᠢᠪᠠ᠃
ᠳᠥᠷᠪᠡᠯᠵᠢᠨ ᠪᠢᠴᠢᠭ ᠨᠢ ᠲᠥᠪᠡᠳ ᠦᠰᠦᠭ ᠲᠦ ᠲᠤᠯᠭᠠᠭᠤᠷᠢᠯᠠᠨ ᠨᠡᠶ᠋ᠢᠲᠡ 44 ᠦᠰᠦᠭ ᠪᠦᠬᠦᠢ ᠠᠪᠢᠶᠠᠨ ᠤ ᠴᠠᠭᠠᠨ ᠲᠣᠯᠣᠭᠠᠢ ᠪᠦᠬᠦᠢ ᠪᠢᠴᠢᠭ ᠪᠥᠭᠡᠳ ᠮᠣᠩᠭᠣᠯ ᠦᠭᠡ ᠲᠡᠮᠳᠡᠭᠯᠡᠬᠦ ᠦᠰᠦᠭ 28 ᠍ ᠠᠴᠠ ᠬᠡᠲᠦᠷᠬᠦ ᠦᠭᠡᠢ᠂ ᠦᠯᠡᠳᠡᠭᠰᠡᠨ ᠦᠰᠦᠭ ᠢ ᠬᠠᠷᠢ ᠦᠭᠡ ᠪᠢᠴᠢᠬᠦ ᠳᠦ ᠠᠰᠢᠭᠯᠠᠳᠠᠭ ᠪᠠᠶ᠋ᠢᠨ᠎ᠠ᠃
ᠬᠤᠪᠢᠯᠠᠢ ᠬᠠᠭᠠᠨ 1269 ᠣᠨ ᠳᠤ ᠳᠥᠷᠪᠡᠯᠵᠢᠨ ᠪᠢᠴᠢᠭ ᠢ ᠭᠦᠷᠦᠨ ᠳᠠᠶᠠᠭᠠᠷ ᠬᠡᠷᠡᠭᠯᠡᠬᠦ ᠲᠤᠬᠠᠢ ᠵᠠᠷᠯᠢᠭ ᠭᠠᠷᠭᠠᠨ "ᠪᠢ ᠰᠠᠨᠠᠪᠠᠰᠤ ᠦᠰᠦᠭ ᠢᠢᠡᠷ ᠦᠭᠡ ᠶᠢ ᠪᠢᠴᠢᠮᠦᠢ᠃
ᠦᠭᠡ ᠪᠡᠷ ᠬᠡᠷᠡᠭ ᠢ ᠲᠡᠮᠳᠡᠭᠯᠡᠮᠦᠢ᠃
ᠡᠨᠡ ᠨᠢ ᠡᠷᠲᠡ ᠪᠠ ᠡᠳᠦᠭᠡ ᠶᠢᠨ ᠨᠡᠪᠲᠡᠷᠬᠡᠢ ᠬᠠᠤᠯᠢ ᠪᠣᠯᠠᠢ᠃
ᠮᠠᠨ ᠤ ᠤᠯᠤᠰ ᠤᠮᠠᠷᠠᠲᠤ ᠭᠠᠵᠠᠷ ᠲᠤᠯᠭᠤᠷ ᠪᠠᠶ᠋ᠢᠭᠤᠯᠤᠭᠰᠠᠨ ᠲᠤᠯᠠ ᠰᠤᠷᠲᠠᠯ ᠨᠢ ᠬᠡᠮᠵᠢᠶ᠎ᠡ ᠲᠡᠢ᠂ ᠡᠷᠲᠡᠨ ᠢ ᠡᠷᠬᠢᠯᠡᠬᠦ ᠲᠤᠯᠠ ᠳᠦᠷᠢᠮ ᠲᠣᠭᠲᠠᠭᠠᠯ ᠡᠭᠦᠰᠬᠡᠵᠦ ᠵᠠᠪᠳᠠᠭᠰᠠᠨ ᠦᠭᠡᠢ᠃
ᠠᠯᠢᠪᠠ ᠬᠡᠷᠡᠭᠯᠡᠬᠦ ᠦᠰᠦᠭ ᠪᠢᠴᠢᠭ ᠨᠢ᠁ ᠤᠶ᠋ᠢᠭᠤᠷ ᠦᠰᠦᠭ ᠢ ᠬᠡᠷᠡᠭᠯᠡᠵᠦ᠂ ᠮᠠᠨ ᠤ ᠤᠯᠤᠰ ᠤᠨ ᠦᠭᠡ ᠶᠢ ᠨᠡᠪᠲᠡᠷᠡᠭᠦᠯᠵᠦᠬᠦᠢ᠃
ᠡᠭᠦᠨ ᠡᠴᠡ ᠬᠣᠶ᠋ᠢᠰᠢ ᠠᠯᠢᠪᠠ ᠬᠠᠰ ᠲᠠᠮᠠᠭ᠎ᠠ ᠳᠠᠷᠤᠵᠤ᠂ ᠪᠢᠴᠢᠭ ᠲᠠᠷᠬᠠᠭᠠᠨ ᠪᠠᠭᠤᠯᠭᠠᠬᠤ ᠳᠤ ᠮᠣᠩᠭᠣᠯ ᠤᠨ ᠰᠢᠨ᠎ᠡ ᠦᠰᠦᠭ ᠢ ᠬᠡᠷᠡᠭᠯᠡᠵᠦ ᠪᠠᠰᠬᠦ ᠬᠠᠮᠲᠤ ᠪᠠᠷ ᠲᠤᠰ ᠲᠤᠰ ᠲᠤ ᠨᠢ ᠲᠡᠭᠦᠨ ᠦ ᠤᠯᠤᠰ ᠤᠨ ᠦᠰᠦᠭ ᠪᠢᠴᠢᠭ ᠢ ᠬᠠᠪᠰᠤᠷᠤᠭᠤᠯᠤᠭᠲᠤᠨ"<ref>ᠳ᠋᠊᠂ ᠴᠣᠢᠢᠵᠠᠯᠰᠦᠷᠦᠩ᠃ ᠮᠣᠩᠭᠤᠯ ᠳᠥᠷᠪᠡᠯᠵᠢᠨ ᠦᠰᠦᠭ᠃ ᠤᠯᠠᠭᠠᠨᠪᠠᠭᠠᠲᠤᠷ᠃ 1974</ref> ᠬᠡᠮᠡᠭᠰᠡᠨ ᠪᠠᠶ᠋ᠢᠳᠠᠭ᠃
ᠶᠤᠸᠠᠨ ᠤᠯᠤᠰ ᠤᠨ ᠪᠦᠬᠦ 169 ᠵᠠᠮ ᠳᠤ ᠳᠥᠷᠪᠡᠯᠵᠢᠨ ᠪᠢᠴᠢᠭ ᠵᠢᠭᠠᠬᠤ ᠤᠯᠤᠰ ᠤᠨ ᠲᠤᠰᠬᠠᠢ ᠰᠤᠷᠭᠠᠭᠤᠯᠢ ᠪᠠᠶ᠋ᠢᠭᠤᠯᠵᠤ᠂ ᠭᠣᠣᠯᠳᠠᠭᠤ ᠮᠣᠩᠭᠣᠯ ᠨᠣᠶᠠᠳ᠂ ᠲᠦᠰᠢᠮᠡᠳ ᠦᠨ ᠬᠥᠪᠡᠭᠦᠳ ᠢ ᠰᠣᠩᠭᠣᠨ ᠰᠤᠷᠭᠠᠵᠤ᠂ 1275 ᠣᠨ ᠳᠤ ᠳᠥᠷᠪᠡᠯᠵᠢᠨ ᠪᠢᠴᠢᠭ ᠦᠨ ᠬᠡᠷᠡᠭ ᠡᠷᠬᠢᠯᠡᠭᠰᠡᠨ ᠡᠷᠳᠡᠮ ᠦᠨ ᠲᠤᠰᠬᠠᠢ ᠬᠦᠷᠢᠶᠡᠯᠡᠨ ᠠᠵᠢᠯᠯᠠᠭᠤᠯᠵᠤ ᠪᠠᠶ᠋ᠢᠪᠠ᠃
ᠮᠥᠨ ᠬᠤᠪᠢᠯᠠᠢ ᠬᠠᠭᠠᠨ ᠲᠥᠷᠥ ᠪᠡᠨ ᠲᠥᠪᠡᠬᠢᠨᠡᠭᠦᠯᠬᠦ᠂ ᠬᠠᠷᠢ ᠶᠢᠨ ᠤᠯᠤᠰ ᠢ ᠡᠵᠡᠯᠡᠨ ᠵᠠᠬᠢᠷᠬᠤ ᠣᠯᠠᠨ ᠦᠢᠯᠡ ᠶᠢ ᠵᠡᠷᠭᠡᠴᠡᠭᠦᠯᠬᠦ ᠶᠢᠨ ᠬᠠᠮᠲᠤ ᠪᠢᠴᠢᠭ ᠰᠤᠶᠤᠯ ᠳᠤ ᠠᠩᠬᠠᠷᠴᠤ᠂ ᠪᠡᠭᠡᠵᠢᠩ ᠦᠨ ᠬᠣᠶᠢᠳᠤ ᠲᠠᠯ᠎ᠠ ᠳᠤ ᠪᠠᠶ᠋ᠢᠭᠤᠯᠤᠭᠰᠠᠨ ᠬᠠᠨᠪᠠᠯᠢᠭ (ᠬᠠᠭᠠᠨ ᠤ ᠬᠣᠲᠠ) ᠪᠤᠶᠤ ᠳᠠᠶ᠋ᠢᠳᠤ (ᠶᠡᠬᠡ ᠨᠡᠶ᠋ᠢᠰᠯᠡᠯ) ᠬᠣᠲᠠ ᠳ᠋ᠤ ᠤᠯᠤᠰ ᠤᠨ ᠰᠤᠳᠤᠷ᠂ ᠱᠠᠰᠳᠢᠷ ᠵᠣᠬᠢᠶᠠᠬᠤ ᠬᠦᠷᠢᠶᠡᠯᠡᠩ ᠬᠡᠮᠡᠬᠦ ᠮᠣᠩᠭᠣᠯ᠂ ᠬᠢᠲᠠᠳ᠂ ᠫᠧᠷᠰ᠂ ᠲᠥᠪᠡᠳ ᠵᠡᠷᠭᠡ ᠣᠯᠠᠨ ᠦᠨᠳᠦᠰᠦᠲᠡᠨ ᠦ ᠲᠡᠦᠬᠡᠴᠢᠳ ᠢ ᠣᠷᠤᠯᠴᠠᠭᠤᠯᠤᠭᠰᠠᠨ ᠲᠤᠰᠬᠠᠢ ᠪᠠᠶ᠋ᠢᠭᠤᠯᠤᠯᠭ᠎ᠠ ᠶᠢ 1264 ᠣᠨ ᠳᠤ ᠬᠤᠪᠢᠯᠠᠢ ᠬᠠᠭᠠᠨ ᠤ ᠵᠠᠷᠯᠢᠭ ᠢᠢᠠᠷ ᠠᠩᠬ᠎ᠠ ᠪᠠᠶ᠋ᠢᠭᠤᠯᠵᠠᠢ᠃
ᠰᠤᠳᠤᠯᠭ᠎ᠠ
| ᠴᠣᠢᠢᠵᠤᠩ ᠪᠯᠠᠮ ᠠ᠋ ᠢᠢᠨ ᠰᠦᠮᠦ ᠳ᠌᠋ᠡᠬᠢ ᠳᠤᠭᠠᠨ ᠦᠨ ᠪᠢᠴᠢᠭ ᠦᠨ ᠬᠣᠶᠠᠷ ᠲᠠᠯ ᠠ᠋ ᠪᠠᠷ ᠳᠥᠷᠪᠡᠯᠵᠢᠨ ᠪᠢᠴᠢᠭ ᠪᠤᠢ |
ᠳᠥᠷᠪᠡᠯᠵᠢᠨ ᠦᠰᠦᠭ ᠦᠨ ᠰᠤᠳᠤᠯᠤᠯ ᠢᠢᠠᠷ ᠭᠠᠷᠤᠭᠰᠠᠨ ᠠᠩᠬᠠᠨ ᠤ ᠡᠷᠳᠡᠮ ᠰᠢᠨᠵᠢᠯᠡᠭᠡᠨ ᠦ ᠪᠦᠲᠦᠭᠡᠯ ᠪᠣᠯ ᠭᠧᠷᠮᠠᠨ ᠤ ᠡᠷᠳᠡᠮᠲᠡᠨ ᠬ.ᠺ᠃ ᠭᠠᠪᠧᠯᠧᠨᠼ ᠤᠨ 1839 ᠣᠨ ᠳᠤ ᠬᠡᠪᠯᠡᠭᠦᠯᠦᠭᠰᠡᠨ ᠡᠷᠲᠡᠨ ᠦ ᠮᠣᠩᠭᠣᠯ ᠤᠨ ᠨᠢᠭᠡᠨ ᠪᠢᠴᠢᠭᠡᠰᠦ ᠶᠢᠨ ᠲᠤᠬᠠᠢ ᠬᠡᠮᠡᠬᠦ ᠦᠭᠦᠯᠡᠯ᠃
ᠡᠭᠦᠨ ᠡᠴᠡ ᠬᠣᠶ᠋ᠢᠰᠢ ᠭ ∙ ᠫᠣᠲᠶᠡ᠂ ᠠ᠊ ∙ ᠸᠠᠶ᠋ᠢᠯᠳ᠋᠂ ᠠ᠊ ∙ ᠮ ∙ ᠫᠣᠽᠲᠨᠧᠶᠧᠹ᠂ ᠢ᠊ ∙ ᠭ ∙ ᠷᠠᠮᠰᠲ᠋ᠧᠲᠲ ᠭᠡᠬᠦ ᠵᠡᠷᠭᠡ ᠣᠯᠠᠨ ᠡᠷᠳᠡᠮᠲᠡᠨ ᠦ ᠰᠤᠳᠤᠯᠭᠠᠨ ᠤ ᠪᠦᠲᠦᠭᠡᠯ ᠦᠳ ᠭᠠᠷᠴᠠᠢ᠃ ᠮᠣᠩᠭᠣᠯ ᠤᠨ ᠡᠷᠳᠡᠮᠲᠡᠳ ᠡᠴᠡ ᠳᠥᠷᠪᠡᠯᠵᠢᠨ ᠦᠰᠦᠭ ᠦᠨ ᠲᠠᠯ᠎ᠠ ᠪᠠᠷ ᠨᠤᠬᠤᠴᠠᠲᠠᠢ ᠰᠤᠳᠤᠯᠭ᠎ᠠ ᠬᠢᠭᠰᠡᠨ ᠬᠦᠮᠦᠨ ᠪᠣᠯ ᠠᠺᠠᠳᠧᠮᠢᠴᠢ ᠱ᠃ ᠯᠤᠪᠰᠠᠩᠸᠠᠩᠳᠠᠨ ᠪᠥᠭᠡᠳ ᠲᠡᠷᠡ ᠪᠡᠷ "ᠳᠥᠷᠪᠡᠯᠵᠢᠨ ᠦᠰᠦᠭ ᠦᠨ ᠳᠤᠷᠠᠰᠬᠠᠯ ᠤᠨ ᠵᠦᠢᠯ ᠢ ᠦᠵᠡᠬᠦ ᠳᠦ ᠫᠠᠭᠪᠠ ᠪᠯᠠᠮ ᠠ᠋ ᠲᠡᠷᠡ ᠴᠠᠭ ᠤᠨ ᠮᠣᠩᠭᠣᠯ ᠶᠠᠷᠢᠶᠠᠨ ᠤ ᠬᠡᠯᠡᠨ ᠦ ᠠᠪᠢᠶ᠎ᠠ ᠵᠦᠢ ᠶᠢ ᠰᠠᠶ᠋ᠢᠨ ᠠᠵᠢᠭᠯᠠᠭᠰᠠᠨ ᠲᠡᠳᠦᠢ ᠦᠭᠡᠢ ᠤᠶ᠋ᠢᠭᠤᠷᠵᠢᠨ ᠮᠣᠩᠭᠣᠯ ᠪᠢᠴᠢᠭ ᠦᠨ ᠰᠢᠰᠲ᠋ᠧᠮ᠂ ᠵᠥᠪ ᠪᠢᠴᠢᠬᠦ ᠳᠦᠷᠢᠮ ᠢ ᠰᠠᠶ᠋ᠢᠨ ᠰᠤᠳᠤᠯᠵᠤ ᠪᠠᠶ᠋ᠢᠵᠤ ᠵᠣᠬᠢᠶᠠᠭᠰᠠᠨ ᠪᠣᠯᠬᠤ ᠨᠢ ᠢᠯᠡᠷᠬᠡᠢ ᠪᠠᠶ᠋ᠢᠨ᠎ᠠ" ᠭᠡᠵᠡᠢ᠃
ᠳᠥᠷᠪᠡᠯᠵᠢᠨ ᠦᠰᠦᠭ ᠦᠨ ᠰᠤᠳᠤᠯᠤᠯ ᠳᠤ ᠵᠣᠬᠢᠬᠤ ᠬᠤᠪᠢ ᠨᠡᠮᠡᠷᠢ ᠣᠷᠣᠭᠤᠯᠤᠭᠰᠠᠨ ᠡᠷᠳᠡᠮᠲᠡᠳ ᠪᠣᠯ ᠠᠺᠠᠳᠧᠮᠢᠴᠢ ᠳ ∙ ᠲᠡᠮᠦᠷᠲᠣᠭᠣᠭ᠎ᠠ᠂ ᠳ᠋ᠣᠺᠲ᠋ᠣᠷ ᠼ ∙ ᠱᠠᠭᠳᠤᠷᠰᠦ᠋ᠷᠦᠩ᠂ ᠬ ∙ ᠯᠤᠪᠰᠠᠩᠪᠠᠯᠳᠠᠨ᠂ ᠵ ∙ ᠫᠷᠯᠡᠢ᠂ ᠵ ∙ ᠨᠠᠳᠮᠢᠳ᠂ ᠠ᠊ ∙ ᠳᠠᠮᠳᠢᠨᠰᠦ᠋ᠷᠦᠩ᠂ ᠶᠣ᠊ ∙ ᠵᠠᠩᠴᠤᠪ ᠨᠠᠷ ᠶᠤᠮ᠃<ref>ᠯ᠊᠂ ᠴᠢᠯᠠᠭᠤᠨᠪᠠᠭᠠᠲᠤᠷ᠃ ᠨᠡᠭᠦᠳᠡᠯᠴᠢᠨ ᠮᠣᠩᠭᠤᠯᠴᠤᠳ ᠤᠨ ᠪᠢᠴᠢᠭ ᠦᠰᠦᠭ ᠊ᠦᠨ ᠰᠣᠶᠤᠯ</ref>
ᠴᠠᠭᠠᠨ ᠲᠣᠯᠤᠭᠠᠢ
| ᠳᠥᠷᠪᠡᠯᠵᠢᠨ ᠦᠰᠦᠭ | ᠮᠣᠩᠭᠤᠯ ᠦᠰᠦᠭ | ᠲᠥᠪᠡᠳ ᠦᠰᠦᠭ | ᠦᠰᠦᠭ ᠦᠨ ᠨᠡᠷ ᠡ᠋ | ᠭᠠᠯᠢᠭ | ᠵᠢᠱᠢᠶ ᠡ᠋ |
|---|---|---|---|---|---|
| ꡀ | ᠭᠠ᠊ | ཀ | ka | k | ᠭᠠᠭᠴᠠ "ᠶᠡᠬᠡ" ᠭᠡᠳᠡᠭ ᠦᠭᠡᠨ ᠳ᠋ᠦ ᠣᠷᠬᠤ ᠢᠢᠨ ᠳᠡᠭᠡᠷ ᠡ᠋ ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠭᠠᠯᠠᠪ᠌᠋ |
| ꡁ | ᠬᠠ᠊ | ཁ | kha | kh | ᠬᠡᠨ |
| ꡂ | ᠭᠠ᠊ | ག | ga | g | ᠪᠢᠴᠢᠭ |
| ꡃ | ᠩ | ང | nga | ng | ᠲᠡᠩᠷᠢ |
| ꡄ | ᠵ | ཅ | ca | c | |
| ꡅ | ᠴ | ཆ | cha | ch | ᠴᠠᠭᠠᠨ |
| ꡆ | ᠵ | ཇ | ja | j | ᠵᠢᠯ |
| ꡇ | ᠨᠢ ᠠ᠋
ᠨᠢᠠ |
ཉ | nya | ny | |
| ꡈ | ᠳᠠ᠊ | ཏ | ta | t | "ᠳᠠᠯᠠᠢ" ᠭᠡᠳᠡᠭ ᠦᠭᠡᠨ ᠳ᠋ᠦ ᠣᠷᠬᠤ ᠬᠢᠭᠡᠳ ᠶᠡᠬᠡᠪᠴᠢᠯᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠡᠷᠳᠡᠨᠢᠰ |
| ꡉ | ᠲᠠ᠊ | ཐ | tha | th | ᠲᠤᠲᠤᠮ |
| ꡊ | ᠳᠠ᠊
ᠳ᠋ᠠ᠊ |
ད | da | d | ᠤᠷᠢᠳᠠ |
| ꡋ | ᠨᠠ᠊ | ན | na | n | ᠮᠠᠨᠤ |
| ꡌ | ᠪᠠ᠊ | པ | pa | p | ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠪᠤᠷᠬᠠᠨ |
| ꡍ | ᠫᠠ᠊ | ཕ | pha | ph | |
| ꡎ | ᠪᠠ᠊ | བ | ba | b | ᠪᠠᠰᠠ |
| ꡏ | ᠮᠠ᠊ | མ | ma | m | ᠠᠮᠢᠲᠠᠨ |
| ꡐ | ᠼᠠ᠊ | ཙ | tsa | ts | |
| ꡑ | ᠱᠠ᠊ | ཚ | tsha | tsh | ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠱᠠᠰᠢᠨ |
| ꡒ | ᠽᠠ᠊ | ཛ | dza | dz | |
| ꡓ | ᠸᠠ᠊ | ཝ | wa | w | ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠸᠴᠢᠷ |
| ꡔ | ᠱᠠ᠊ | ཞ | zha | zh | |
| ꡕ | ᠰᠠ᠊ | ཟ | za | z | ᠵᠥᠪᠬᠡᠨ "ᠰᠠᠷ᠎ᠠ/ᠰᠠᠷ ᠠ᠋" ᠭᠡᠳᠡᠭ ᠦᠭᠡᠨ ᠳ᠋ᠦ ᠣᠷᠤᠮᠤᠢ |
| ꡖ | ᠊ᠠ᠊
᠊ᠠ |
འ | -A | - | ᠢᠷᠭᠡᠨ᠂ ᠬᠠᠭᠠᠨ |
| ꡗ | ᠶᠠ᠊ | ཡ | ya | y | ᠨᠠᠶᠠᠨ |
| ꡘ | ᠷᠠ᠊ | ར | ra | r | ᠴᠡᠷᠢᠭ |
| ꡙ | ᠯᠠ᠊ | ལ | la | l | ᠠᠯᠪᠠ |
| ꡚ | ᠰᠢ᠊ | ཤ | sha | sh | ᠰᠢᠨ ᠡ᠋ |
| ꡛ | ᠰᠠ᠊ | ས | sa | s | ᠡᠴᠦᠰ |
| ꡜ | ᠾᠠ᠊ | ཧ | ha | h | ᠦᠭᠡ ᠢᠢᠨ ᠡᠬᠢᠨ ᠳ᠋ᠦ ᠣᠷᠤᠪᠠᠯ ᠲᠡᠭ ᠲᠣᠯᠤᠭᠠᠢ ᠦᠰᠦᠭ ᠲᠡᠢ ᠦᠭᠡᠰ ᠲᠦ᠄ ᠠᠷᠪᠠᠨ |
| ꡝ | ᠠ᠊ | ཨ | 'A | ' | ᠦᠯᠦ |
| ꡞ | ᠢ᠊ | ི | i | i | -i hee -een |
| ꡟ | ᠤ᠊ | ུ | u | u | ᠤᠰᠤᠨ |
| ꡠ | ᠡ᠊ | ེ | e | e | ᠡᠳᠦᠭᠡ |
| ꡡ | ᠣ᠊ | ོ | o | o | ᠣᠩᠭᠣᠴᠠ |
| ꡢ | ᠬᠠ᠊ | ཁ | qa | q | ᠬᠠᠮᠤᠭ |
| ꡣ | ᠬᠠ᠊ | ཁྭ | xa | x | ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠪᠤᠷᠬᠠᠨ |
| ꡤ | ᠾᠸᠠ᠊ | ཧྭ | fa | f | |
| ꡥ | ᠭᠠ᠊ | ག | gga | ||
| ꡦ | ᠊ᠡ᠋ ᠡ᠋ | ཻ | ee | ee | ᠡᠯᠳᠡᠪ |
| ꡧ | ᠊ᠸᠠ᠊ | ྭ | ᠵᠡᠭᠦᠯᠲᠡ wa | w | |
| ꡨ | ᠊ᠶᠠ᠊ | ྱ | ᠵᠡᠭᠦᠯᠲᠡ ya | y | |
| ᠨᠡᠮᠡᠯᠲᠡ | |||||
| ꡩ | ᠲᠠ᠊ | ཊ | tta | tt | षट् पारमिता |
| ꡪ | ᠲᠠ᠊ | ཋ | ttha | tth | प्रतिष्ठित |
| ꡫ | ᠳ᠋ᠠ᠊ | ཌ | dda | dd | दण्डय |
| ꡬ | ᠨᠠ᠊ | ཎ | nna | nn | पुण्य; उष्णीष |
| ꡱ | ᠊ᠷ | ྲ | ᠵᠡᠭᠦᠯᠲᠡ ra | r | मुद्रा |
| ꡲ | ᠷ᠊ | ར | ᠲᠣᠯᠤᠭᠠᠢ ra | r | སངས་རྒྱས |
| ꡳ | ᢀ | ྃ | ᠰᠠᠷ᠎ᠠ ᠲᠠᠢ ᠪᠢᠨᠲᠦ | ^ | संहत |
ᠴᠠᠬᠢᠮᠵᠢᠯᠲᠠ
ᠳᠥᠷᠪᠡᠯᠵᠢᠨ ᠪᠢᠴᠢᠭ ᠲᠦ Unicode ᠤᠨ U+A840 ᠡᠴᠡ U+A87F ᠬᠦᠷᠲᠡᠯ ᠡ᠋ 64 ᠲᠡᠮᠳᠡᠭᠲᠦ ᠢᠢ ᠬᠤᠪᠢᠶᠠᠷᠢᠯᠠᠭᠰᠠᠨ ᠪᠠᠢᠢᠨ ᠠ᠋᠃<ref>Phags-pa. Range U+A840 ... U+A87F</ref>
| U+A84x | U+A85x | U+A86x | U+A87x | |
|---|---|---|---|---|
| 0 | ꡀ | ꡐ | ꡠ | ꡰ |
| 1 | ꡁ | ꡑ | ꡡ | ꡱ |
| 2 | ꡂ | ꡒ | ꡢ | ꡲ |
| 3 | ꡃ | ꡓ | ꡣ | ꡳ |
| 4 | ꡄ | ꡔ | ꡤ | ꡴ |
| 5 | ꡅ | ꡕ | ꡥ | ꡵ |
| 6 | ꡆ | ꡖ | ꡦ | ꡶ |
| 7 | ꡇ | ꡗ | ꡧ | ꡷ |
| 8 | ꡈ | ꡘ | ꡨ | |
| 9 | ꡉ | ꡙ | ꡩ | |
| A | ꡊ | ꡚ | ꡪ | |
| B | ꡋ | ꡛ | ꡫ | |
| C | ꡌ | ꡜ | ꡬ | |
| D | ꡍ | ꡝ | ꡭ | |
| E | ꡎ | ꡞ | ꡮ | |
| F | ꡏ | ꡟ | ꡯ |
ᠴᠠᠬᠢᠮ ᠲᠣᠭᠠᠴᠠᠭᠠᠯᠠᠭᠤᠷ ᠤᠨ MS WIndows 10 ᠦᠢᠯᠡᠳᠦᠯ ᠦᠨ ᠰᠢᠰᠲ᠋ᠧᠮ᠂ ᠭᠠᠷ ᠤᠲᠠᠰᠤᠨ ᠤ ᠮᠦᠯᠲ᠋ᠢᠯᠢᠩ 0 ᠭᠠᠷ ᠲᠤ (Android ᠦᠢᠯᠡᠳᠦᠯ ᠦᠨ ᠰᠢᠰᠲ᠋ᠧᠮ) ᠮᠣᠩᠭᠤᠯ ᠳᠥᠷᠪᠡᠯᠵᠢᠨ ᠪᠢᠴᠢᠭ ᠢᠢᠡᠷ ᠰᠢᠪᠡᠬᠦ ᠭᠠᠷ ᠪᠠᠭᠲᠠᠭᠰᠠᠨ ᠪᠠᠢᠢᠳᠠᠭ᠃
ᠮᠥᠨ Microsoft PhagsPa ᠬᠡᠮᠡᠬᠦ ᠹᠣᠨ᠍ᠲ MS WIndows 10 ᠦᠢᠯᠡᠳᠦᠯ ᠦᠨ ᠰᠢᠰᠲ᠋ᠧᠮ ᠲᠡᠢ ᠪᠡᠯᠡᠨ ᠢᠷᠡᠵᠦ ᠪᠠᠢᠢᠨ ᠠ᠋᠃
| MS WIndows 10 ᠦᠢᠯᠡᠳᠦᠯ ᠦᠨ ᠰᠢᠰᠲ᠋ᠧᠮ ᠳᠦ ᠮᠣᠩᠭᠤᠯ ᠳᠥᠷᠪᠡᠯᠵᠢᠨ ᠪᠢᠴᠢᠭ ᠢᠢᠡᠷ ᠰᠢᠪᠡᠬᠦ ᠭᠠᠷ ᠪᠠᠭᠲᠠᠭᠰᠠᠨ ᠪᠠᠢᠢᠳᠠᠭ |

