Хэлмэгдэгсдийн хөшөө
ᠣᠯᠠᠭᠠᠨᠪᠠᠭᠠᠲᠣᠷ ᠳᠠᠬᠢ ᠬᠥᠰᠢᠶ ᠡ᠋
ᠬᠡᠯᠮᠡᠭᠳᠡᠭᠰᠡᠳ ᠦᠨ ᠬᠥᠰᠢᠢ ᠊ᠡ᠋ ᠊ᠶᠢ 1997 ᠣᠨ ᠊ᠳᠤ ᠤᠷᠠᠨ ᠪᠠᠷᠢᠮᠠᠯᠴᠢ ᠯ᠊ ∙ ᠪᠣᠯᠣᠳ ᠵᠡᠰ ᠬᠥᠬᠡᠮᠡᠯ ᠊ᠦᠨ ᠠᠷᠭ ᠊ᠡ᠋ ᠪᠠᠷ ᠤᠷᠠᠯᠠᠭᠰᠠᠨ ᠶᠤᠮ᠃
1991 ᠣᠨ ᠊ᠳᠤ ᠬᠥᠰᠢᠶ ᠊ᠡ᠋ ᠪᠣᠰᠬᠠᠬᠤ ᠲᠣᠭᠲᠠᠭᠠᠯ ᠭᠠᠷᠴᠤ᠂ 1993 ᠣᠨ ᠊ᠳᠤ ᠭᠤᠷᠪᠠᠨ ᠤᠳᠠᠭ ᠊ᠡ᠋ ᠰᠢᠯᠢᠳᠡᠭ ᠪᠦᠲᠦᠭᠡᠯ ᠊ᠦᠨ ᠲᠧᠨ᠍ᠳᠧᠷ ᠭᠠᠷᠤᠭᠰᠠᠨ ᠠᠴᠠ᠂ ᠤᠭ ᠬᠥᠰᠢᠶ ᠊ᠡ᠋ ᠰᠢᠯᠭᠠᠷᠠᠭᠰᠠᠨ ᠲᠡᠦᠬᠡ ᠲᠡᠢ᠃
ᠬᠥᠰᠢᠶ ᠊ᠡ᠋ ᠊ᠶᠢ ᠦᠨᠳᠦᠰᠦᠨ ᠊ᠦ ᠮᠦᠽᠧᠢ ᠊ᠶᠢᠨ ᠡᠮᠦᠨ ᠊ᠡ᠋ ᠡᠲᠡᠭᠡᠳᠦ ᠳᠤ ᠪᠠᠶᠢᠷᠢᠯᠠᠭᠤᠯᠤᠭᠰᠠᠨ᠃
ᠡᠨᠡᠬᠦ ᠬᠥᠰᠢᠢ ᠊ᠡ᠋ ᠊ᠶ᠋ᠢ 1921-1990 ᠣᠨ ᠊ᠤ ᠬᠣᠭᠣᠷᠣᠨᠳᠣ ᠤᠯᠤᠰ ᠲᠥᠷᠦ ᠊ᠶ᠋ᠢᠨ ᠰᠢᠯᠲᠠᠭᠠᠨ ᠊ᠢᠶᠠᠷ ᠬᠡᠯᠮᠡᠭᠳᠡᠭᠰᠡᠨ 30 ᠮᠢᠩᠭ ᠊ᠡ᠋ ᠭᠠᠷᠤᠢ ᠬᠦᠮᠦᠨ ᠊ᠦ ᠳᠤᠷᠠᠰᠬᠠᠯ ᠊ᠳᠤ ᠵᠣᠷᠢᠭᠤᠯᠵᠤ ᠪᠣᠰᠬᠠᠭᠰᠠᠨ ᠶᠤᠮ᠃
ᠬᠡᠯᠮᠡᠭᠳᠡᠭᠰᠡᠳ ᠊ᠦᠨ ᠬᠥᠰᠢᠶᠡᠨ ᠊ᠳᠦ ᠵᠢᠯ ᠪᠦᠷᠢ ᠊ᠶᠢᠨ ᠶᠢᠰᠦᠳᠦᠭᠡᠷ ᠰᠠᠷ ᠊ᠡ᠋ ᠊ᠶ᠋ᠢᠨ 10 ᠊ᠳᠦ ᠪᠤᠶᠤ ᠬᠦᠮᠦᠨ ᠊ᠦ ᠡᠷᠬᠡ ᠊ᠶᠢᠨ ᠡᠳᠦᠷ ᠊ᠢᠶᠡᠷ ᠲᠥᠷᠥ ᠵᠠᠰᠠᠭ ᠊ᠤᠨ ᠡᠷᠬᠢᠮ ᠬᠦᠨᠳᠦ ᠲᠡᠢ ᠬᠦᠮᠦᠰ ᠴᠡᠴᠡᠭ ᠡᠷᠭᠦᠵᠦ᠂ ᠬᠡᠯᠮᠡᠭᠳᠡᠭᠰᠡᠳ ᠊ᠦᠨ ᠠᠷᠤ ᠭᠡᠷ ᠊ᠡ᠋ ᠊ᠶᠢᠨ ᠬᠢᠨ ᠲᠡᠢ ᠨᠢ ᠠᠭᠤᠯᠵᠠᠳᠠᠭ ᠤᠯᠠᠮᠵᠢᠯᠠᠯ ᠲᠣᠭᠲᠠᠵᠠᠢ᠃
ᠲᠤᠬᠠᠢ ᠊ᠶᠢᠨ ᠦᠶ ᠊ᠡ᠋ ᠊ᠶᠢᠨ ᠬᠠᠩᠰᠢ ᠪᠠᠷ 24.6 ᠰᠠᠶ ᠊ᠡ᠋ ᠲᠥᠭᠦᠷᠢᠭ ᠊ᠢᠶᠡᠷ ᠪᠦᠲᠦᠭᠰᠡᠨ ᠬᠡᠯᠮᠡᠭᠳᠡᠭᠰᠡᠳ ᠊ᠦᠨ ᠬᠥᠰᠢᠶ᠎ᠡ ᠨᠢ ᠡᠳᠦᠭᠡ ᠴᠢᠩᠭᠢᠯᠲᠡᠢ ᠳᠡᠭᠦᠷᠭᠡ ᠊ᠶᠢᠨ ᠵᠠᠰᠠᠭ ᠳᠠᠷᠤᠭ ᠊ᠡ᠋ ᠊ᠶᠢᠨ ᠬᠠᠮᠠᠭᠠᠯᠠᠯᠲᠠ ᠊ᠳᠤ ᠪᠠᠶᠢᠳᠠᠭ ᠠᠵᠢ᠃
ᠤᠭ ᠬᠥᠰᠢᠶᠡᠨ ᠊ᠦ ᠳᠥᠷᠪᠡᠯᠵᠢᠨ ᠬᠠᠷ ᠊ᠡ᠋ ᠥᠩᠭᠡ ᠲᠡᠢ ᠲᠡᠮᠦᠷ ᠬᠦᠷᠢᠶ ᠊ᠡ᠋ ᠪᠦᠬᠦᠢ ᠬᠠᠨ ᠊ᠡ᠋ ᠨᠢ ᠬᠦᠮᠦᠨ ᠊ᠦ ᠡᠷᠬᠡ ᠴᠢᠯᠦᠭᠡ ᠊ᠶᠢ ᠬᠠᠭᠠᠵᠤ ᠪᠣᠭᠣᠵᠤ᠂ ᠬᠢᠵᠠᠭᠠᠷᠯᠠᠵᠤ ᠪᠠᠶᠢᠭ ᠊ᠡ᠋ ᠊ᠶᠢ ᠢᠯᠡᠷᠬᠡᠶᠢᠯᠡᠭᠰᠡᠨ ᠤᠳᠬ᠎ᠠ ᠰᠠᠨᠠᠭ ᠊ᠡ᠋ ᠲᠠᠢ ᠪᠣᠯ᠂ ᠳᠣᠲᠣᠷ ᠊ᠡ᠋ ᠨᠢ ᠪᠠᠶᠢᠭ᠊ᠡ᠋ ᠬᠦᠮᠦᠨ ᠦ ᠳᠦᠷᠰᠦ ᠨᠢ ᠲᠡᠷᠡᠬᠡᠦ ᠬᠠᠨ ᠢ ᠨᠤᠷᠠᠭᠠᠬᠤ ᠊ᠶᠢ ᠬᠦᠰᠡᠭᠰᠡᠨ᠂ ᠡᠷᠬᠡ ᠴᠢᠯᠦᠭᠡᠨ ᠊ᠦ ᠪᠡᠨ ᠲᠥᠯᠥᠭᠡ ᠲᠡᠮᠡᠴᠡᠭᠰᠡᠳ ᠊ᠦᠨ ᠳᠦᠷᠢ ᠊ᠶᠢ ᠢᠯᠡᠷᠬᠡᠶᠢᠯᠡᠵᠡᠢ᠃
ᠬᠠᠨ ᠊ᠢᠢᠨ ᠳᠣᠲᠣᠷ᠊ᠡ᠋ ᠲᠠᠯ᠊ᠡ᠋ ᠊ᠳᠤ 《ᠴᠠᠭᠠᠵᠠ ᠶᠢᠨ ᠶᠠᠯ᠎ᠠ ᠦᠭᠡᠢ ᠮᠣᠩᠭᠣᠯ ᠤᠯᠤᠰ》 ᠬᠡᠮᠡᠬᠦ ᠤᠷᠢᠶᠠᠯᠭ᠊ᠡ᠋ ᠦᠭᠡ ᠪᠠᠶᠢᠳᠠᠭ ᠶᠤᠮ᠃
ᠬᠠᠷᠢᠨ ᠲᠤᠰ ᠬᠥᠰᠢᠶᠡᠨ ᠊ᠦ ᠰᠠᠭᠤᠷᠢᠨ ᠳᠡᠭᠡᠷ᠎ᠡ 《ᠬᠠᠯᠠᠭᠤᠨ ᠢᠲᠡᠭᠡᠯ ᠴᠥᠬᠦᠷᠡᠭᠰᠡᠨ ᠬᠠᠲᠤᠨ ᠵᠢᠷᠦᠬᠡ ᠱᠠᠷᠬᠢᠷᠠᠭᠰᠠᠨ ᠬᠠᠷ᠎ᠠ ᠳᠠᠷᠤᠭᠰᠠᠨ ᠵᠡᠭᠦᠳᠦ ᠰᠢᠭ ᠣᠨ ᠵᠢᠯ ᠦᠳ ᠢ ᠬᠠᠮᠤᠭ ᠮᠣᠩᠭᠣᠯᠴᠤᠳ ᠪᠤᠤ ᠮᠠᠷᠲᠠᠬᠤᠲᠤᠩ》 ᠭᠡᠰᠡᠨ ᠪᠠᠶᠢᠳᠠᠭ᠃
ᠣᠯᠠᠨ ᠵᠢᠯ ᠦᠨ ᠲᠡᠷᠲᠡᠭᠡᠬᠢ ᠬᠡᠯᠮᠡᠭᠳᠡᠭᠰᠡᠳ ᠊ᠦᠨ ᠵᠣᠪᠠᠯᠠᠩ ᠰᠢᠨᠠᠯᠤᠯ᠂ ᠭᠣᠮᠣᠳᠠᠯ ᠴᠥᠬᠥᠷᠡᠯ᠂ ᠳᠣᠲᠣᠭᠠᠳᠤ ᠬᠦᠰᠡᠯ ᠡᠷᠡᠮᠡᠯᠵᠡᠯ ᠊ᠢ ᠬᠠᠷᠠᠭᠤᠯᠤᠭᠰᠠᠨ ᠡᠨᠡᠬᠦ ᠬᠥᠰᠢᠶ᠊ᠡ᠋ ᠪᠡᠷ ᠲᠡᠦᠬᠡ ᠶᠢ ᠭᠡᠷᠡᠴᠢᠯᠡᠵᠦ ᠦᠯᠡᠳᠡᠭᠡᠵᠦᠬᠦᠢ᠃
ᠬᠠᠷᠠᠬᠣᠷᠢᠨ ᠳᠠᠬᠢ ᠬᠥᠰᠢᠶ ᠡ᠋
ᠬᠡᠯᠮᠡᠭᠳᠡᠪᠰᠡᠴ ᠥᠨ ᠡᠨᠡ ᠬᠥᠰᠢᠶ ᠠ᠋ 2019 ᠣᠨ ᠳᠣᠷ ᠨᠡᠭᠡᠭᠴᠥᠭᠰᠡᠨ᠃
ᠣᠯᠣᠰ ᠳᠥᠷᠥ ᠢᠢᠨ ᠬᠡᠯᠮᠡᠭᠳᠥᠥᠯᠡᠯᠲᠡ ᠳᠥᠷ ᠥᠷᠲᠥᠭᠰᠡᠨ ᠬᠣᠸᠠᠷᠠᠭ ᠣᠳ ᠣᠨ ᠳᠣᠷᠠᠰᠬᠠᠯ ᠢ ᠬᠥᠨᠳᠥᠳᠬᠡᠨ ᠪᠠᠢᠢᠭᠣᠯᠣᠭᠰᠠᠨ᠃