Увс нуур

Wikibilig-с
17:54, 9 Хоёрдугаар сар 2022-ий байдлаарх 122.201.22.233 (яриа) хэрэглэгчийн хийсэн залруулга

ᠤᠯᠠᠭᠠᠨ
ᠰᠤᠮᠤ ᠪᠠᠷ
ᠵᠢᠭᠠᠭᠰᠠᠨ ᠨᠢ
ᠤᠪᠰᠤ
ᠨᠠᠭᠤᠷ

ᠤᠪᠰᠤ (ᠯᠠᠲ᠋ᠢᠨ: Uvs Lacus) ᠪᠣᠯ ᠨᠡᠭᠦᠷᠡᠰᠦ ᠤᠰᠤ ᠲᠥᠷᠦᠭᠴᠢ ᠢᠢᠨ ᠨᠠᠭᠤᠷ ᠪᠥᠭᠡᠳ ᠰᠠᠨᠢᠴᠠᠷ ᠭᠠᠷᠠᠭ ᠤᠨ ᠬᠠᠮᠤᠭ ᠊ᠤᠨ ᠲᠣᠮᠤ ᠳᠠᠭᠠᠭᠤᠯᠢ ᠲᠢᠲ᠋ᠠᠨ (Titan) ᠤ ᠭᠠᠳᠠᠷᠭᠤ ᠳᠤ ᠣᠷᠣᠰᠢᠳᠠᠭ᠃ ᠨᠠᠭᠤᠷ ᠤᠨ ᠳ᠋ᠢᠶᠠᠮᠧᠲ᠋ᠷ 26,9  ᠺᠢᠯᠣᠮᠧᠲ᠋ᠷ [1]᠃ ᠪᠠᠢᠢᠷᠢᠰᠢᠯ : ᠤᠮᠠᠷᠠᠳᠤ ᠥᠷᠭᠡᠷᠢᠭ ᠤ᠋ᠨ 69°36′ . ᠳᠣᠷᠤᠨᠠᠳᠤ ᠤᠷᠲᠤᠷᠢᠭ ᠤ᠋ᠨ 114°18′ [2] ᠰᠢᠩᠭᠡᠨ ᠨᠡᠭᠦᠷᠡᠰᠦ  ᠤᠰᠤᠲᠥ᠋ᠷᠥᠭᠴᠢ ᠡᠴᠡ ᠪᠦᠷᠢᠳᠬᠦ ᠪᠠ ᠮᠧᠲ᠋ᠠᠨ᠍᠂ ᠡᠲ᠋ᠠᠨ᠂ ᠫᠷᠣᠫᠠᠨ ᠵᠣᠩᠬᠢᠯᠠᠨ᠎ᠠ ᠃ ᠳᠣᠷᠤᠨᠠᠳᠤ ᠬᠠᠭᠠᠰ ᠪᠥᠮᠪᠦᠷᠴᠡᠭ ᠲᠦ᠂ ᠤᠮᠠᠷᠠᠳᠤ ᠲᠤᠢᠢᠯ ᠳ᠋ᠦ  ᠣᠢᠷ᠎ᠠ᠂ ᠯᠢᠭᠸᠢᠢ᠎ᠠ ᠲᠡᠩᠭᠢᠰ (Ligeia Mare) ᠡᠴᠡ ᠤᠷᠤᠭᠰᠢ ᠣᠷᠣᠰᠢᠳᠠᠭ᠃ ᠤᠮᠠᠷᠠᠳᠤ 70 ᠳ᠋ᠤᠭᠠᠷ ᠫᠠᠷᠠᠯᠯᠸᠯᠢ ᠨᠠᠭᠤᠷ ᠢ ᠳᠠᠭᠠᠷᠢᠵᠤ ᠥᠩᠭᠡᠷᠡᠳᠡᠭ᠂ ᠵᠤᠤᠪᠠᠩᠳᠠᠭᠤ  ᠬᠡᠯᠪᠡᠷᠢᠲᠡᠢ᠃ ᠥᠷᠦᠨᠡᠳᠦ ᠬᠡᠰᠡᠭ ᠨᠢ ᠬᠠᠮᠤᠭ ᠤ᠋ᠨ ᠭᠦᠶᠦᠬᠡᠨ᠃ ᠨᠠᠭᠤᠷ ᠤ᠋ᠨ  ᠣᠢᠷᠠᠯᠴᠠᠭ᠎ᠠ᠂ ᠥᠷᠦᠨᠠᠳᠦ ᠪᠠ ᠳᠣᠷᠤᠨᠠᠳᠤ ᠡᠲᠡᠭᠡᠳ ᠲᠤ᠂ ᠯᠢᠭᠸᠢ᠎ᠠ ᠲᠡᠩᠭᠢᠰ ᠲᠦ ᠴᠢᠳᠬᠤᠭᠴᠢ ᠬᠣᠶᠠᠷ ᠲᠣᠮᠤᠬᠠᠨ ᠰᠤᠪᠠᠭ《ᠭᠣᠣᠯ》ᠡᠬᠢ ᠠᠪᠤᠳᠠᠭ᠃ Cassini–Huygens ᠣᠭᠲᠠᠷᠭᠤᠢ ᠢ᠋ᠢᠨ ᠠᠫᠫᠠᠷᠠᠲ ᠤ᠋ᠨ ᠠᠪᠤᠭᠰᠠᠨ ᠭᠡᠷᠡᠯ ᠵᠢᠷᠤᠭ ᠲᠤ  ᠠᠩᠬ᠎ ᠡ ᠢᠯᠡᠷᠡᠭᠰᠡᠨ᠃ ᠳᠡᠯᠡᠬᠡᠢ ᠳᠤ᠂ ᠮᠣᠩᠭᠣᠯ ᠤᠯᠤᠰ ᠪᠠ ᠣᠷᠣᠰ ᠤᠨ ᠬᠣᠯᠪᠤᠭᠠᠨ  ᠤ ᠤᠯᠤᠰ ᠊ᠤᠨ ᠨᠤᠲᠤᠭ ᠳᠡᠪᠢᠰᠬᠡᠷ ᠲᠤ ᠣᠷᠣᠰᠢᠳᠠᠭ ᠤᠪᠰᠤ ᠨᠠᠭᠤᠷ ᠤᠨ ᠨᠠᠷ᠎ᠠ ᠪᠡᠷ ᠨᠡᠷᠡᠯᠡᠭᠰᠡᠨ᠃[3] ᠡᠨᠡᠬᠦ ᠨᠡᠷ᠎ᠡ ᠨᠢ 2010 ᠣᠨ ᠳ᠋ᠤ ᠣᠯᠠᠨ ᠤᠯᠤᠰ ᠤ᠋ᠨ ᠣᠳᠤᠨ ᠣᠷᠤᠨ ᠤ᠋ᠨ ᠬᠣᠯᠪᠤᠭ᠎ᠠ ᠪᠠᠷ ᠪᠠᠲᠤᠯᠠᠭᠳᠠᠭᠰᠠᠨ᠃  

ᠲᠦᠯᠬᠢᠭᠦᠷ ᠦᠭᠡᠰ

Saturn
Санчир

ᠡᠬᠢ ᠰᠤᠷᠪᠤᠯᠵᠢ