Увс нуур
ᠤᠪᠰᠤ (ᠯᠠᠲ᠋ᠢᠨ: Uvs Lacus) ᠪᠣᠯ ᠨᠡᠭᠦᠷᠡᠰᠦ ᠤᠰᠤᠲᠥᠷᠦᠭᠴᠢ ᠢᠢᠨ ᠨᠠᠭᠤᠷ ᠪᠥᠭᠡᠳ ᠰᠠᠨᠢᠴᠠᠷ ᠭᠠᠷᠠᠭ ᠤᠨ ᠬᠠᠮᠤᠭ ᠊ᠤᠨ ᠲᠣᠮᠤ ᠳᠠᠭᠠᠭᠤᠯᠢ ᠲᠢᠲ᠋ᠠᠨ (Titan) ᠤ ᠭᠠᠳᠠᠷᠭᠤ ᠳᠤ ᠣᠷᠣᠰᠢᠳᠠᠭ᠃ ᠨᠠᠭᠤᠷ ᠤᠨ ᠳ᠋ᠢᠶᠠᠮᠧᠲ᠋ᠷ 26,9 ᠺᠢᠯᠣᠮᠧᠲ᠋ᠷ [1]᠃ ᠪᠠᠢᠢᠷᠢᠰᠢᠯ : ᠤᠮᠠᠷᠠᠳᠤ ᠥᠷᠭᠡᠷᠢᠭ ᠤ᠋ᠨ 69°36′ . ᠳᠣᠷᠤᠨᠠᠳᠤ ᠤᠷᠲᠤᠷᠢᠭ ᠤ᠋ᠨ 114°18′ [2] ᠰᠢᠩᠭᠡᠨ ᠨᠡᠭᠦᠷᠡᠰᠦ ᠤᠰᠤᠲᠥ᠋ᠷᠥᠭᠴᠢ ᠡᠴᠡ ᠪᠦᠷᠢᠳᠬᠦ ᠪᠠ ᠮᠧᠲ᠋ᠠᠨ᠍᠂ ᠡᠲ᠋ᠠᠨ᠂ ᠫᠷᠣᠫᠠᠨ ᠵᠣᠩᠬᠢᠯᠠᠨ᠎ᠠ ᠃ ᠳᠣᠷᠤᠨᠠᠳᠤ ᠬᠠᠭᠠᠰ ᠪᠥᠮᠪᠦᠷᠴᠡᠭ ᠲᠦ᠂ ᠤᠮᠠᠷᠠᠳᠤ ᠲᠤᠢᠢᠯ ᠳ᠋ᠦ ᠣᠢᠷ᠎ᠠ᠂ ᠯᠢᠭᠸᠢᠢᠠ ᠲᠡᠩᠭᠢᠰ (Ligeia Mare) ᠡᠴᠡ ᠤᠷᠤᠭᠰᠢ ᠣᠷᠣᠰᠢᠳᠠᠭ᠃ ᠤᠮᠠᠷᠠᠳᠤ 70 ᠳ᠋ᠤᠭᠠᠷ ᠫᠠᠷᠠᠯᠯᠸᠯᠢ ᠨᠠᠭᠤᠷ ᠢ ᠳᠠᠭᠠᠷᠢᠵᠤ ᠥᠩᠭᠡᠷᠡᠳᠡᠭ᠂ ᠵᠤᠤᠪᠠᠩᠳᠠᠭᠤ ᠬᠡᠯᠪᠡᠷᠢᠲᠡᠢ᠃ ᠥᠷᠦᠨᠡᠳᠦ ᠬᠡᠰᠡᠭ ᠨᠢ ᠬᠠᠮᠤᠭ ᠤ᠋ᠨ ᠭᠦᠶᠦᠬᠡᠨ᠃ ᠨᠠᠭᠤᠷ ᠤ᠋ᠨ ᠣᠢᠷᠠᠯᠴᠠᠭ᠎ᠠ᠂ ᠥᠷᠦᠨᠠᠳᠦ ᠪᠠ ᠳᠣᠷᠤᠨᠠᠳᠤ ᠡᠲᠡᠭᠡᠳ ᠲᠤ᠂ ᠯᠢᠭᠸᠢᠠ ᠲᠡᠩᠭᠢᠰ ᠲᠦ ᠴᠢᠳᠬᠤᠭᠴᠢ ᠬᠣᠶᠠᠷ ᠲᠣᠮᠤᠬᠠᠨ ᠰᠤᠪᠠᠭ《ᠭᠣᠣᠯ》ᠡᠬᠢ ᠠᠪᠤᠳᠠᠭ᠃ Cassini–Huygens ᠣᠭᠲᠠᠷᠭᠤᠢ ᠢ᠋ᠢᠨ ᠠᠫᠫᠠᠷᠠᠲ ᠤ᠋ᠨ ᠠᠪᠤᠭᠰᠠᠨ ᠭᠡᠷᠡᠯ ᠵᠢᠷᠤᠭ ᠲᠤ ᠠᠩᠬ ᠡ ᠢᠯᠡᠷᠡᠭᠰᠡᠨ᠃ ᠳᠡᠯᠡᠬᠡᠢ ᠳᠤ᠂ ᠮᠣᠩᠭᠣᠯ ᠤᠯᠤᠰ ᠪᠠ ᠣᠷᠣᠰ ᠤᠨ ᠬᠣᠯᠪᠤᠭᠠᠨ ᠤ ᠤᠯᠤᠰ ᠊ᠤᠨ ᠨᠤᠲᠤᠭ ᠳᠡᠪᠢᠰᠬᠡᠷ ᠲᠤ ᠣᠷᠣᠰᠢᠳᠠᠭ ᠤᠪᠰᠤ ᠨᠠᠭᠤᠷ ᠤᠨ ᠨᠠᠷᠠ ᠪᠡᠷ ᠨᠡᠷᠡᠯᠡᠭᠰᠡᠨ᠃[3] ᠡᠨᠡᠬᠦ ᠨᠡᠷ᠎ᠡ ᠨᠢ 2010 ᠣᠨ ᠳ᠋ᠤ ᠣᠯᠠᠨ ᠤᠯᠤᠰ ᠤ᠋ᠨ ᠣᠳᠤᠨ ᠣᠷᠤᠨ ᠤ᠋ᠨ ᠬᠣᠯᠪᠤᠭ᠎ᠠ ᠪᠠᠷ ᠪᠠᠲᠤᠯᠠᠭᠳᠠᠭᠰᠠᠨ᠃
ᠲᠦᠯᠬᠢᠭᠦᠷ ᠦᠭᠡᠰ
Saturn
Санчир
ᠡᠬᠢ ᠰᠤᠷᠪᠤᠯᠵᠢ