ᠬᠢᠮᠡᠯ ᠣᠶᠤᠨ

Wikibilig-с
20:21, 14 Гуравдугаар сар 2022-ий байдлаарх Uranbilig (яриа | оруулсан хувь нэмэр) хэрэглэгчийн хийсэн залруулга

ᠬᠢᠮᠡᠯ ᠣᠶᠤᠨ (AI) ᠭᠡᠳᠡᠭ ᠢᠨᠦ ᠬᠦᠮᠦᠨ ᠦ ᠣᠶᠤᠨ ᠤᠬᠠᠭᠠᠨ ᠤ ᠦᠢᠯᠡ ᠶᠠᠪᠤᠴᠠ ᠶᠢ ᠮᠠᠱᠢᠨ᠂ ᠢᠯᠠᠩᠭᠤᠶ᠎ᠠ ᠻᠣᠮᠫᠢᠶᠦ᠋ᠲ᠋ᠧᠷ ᠦᠨcomputer ᠰᠢᠰᠲ᠋ᠧᠮ ᠢᠢᠡᠷ ᠵᠠᠭᠪᠤᠷᠴᠢᠯᠠᠨ ᠭᠦᠢᠴᠡᠳᠬᠠᠭᠦᠯᠬᠦ ᠠᠵᠢᠯᠯᠠᠭ᠎ᠠ ᠶᠤᠮ᠃ ᠬᠢᠮᠡᠯ ᠣᠶᠤᠨ ‍ᠦ ᠬᠡᠷᠡᠭᠯᠡᠭᠡᠨ ᠳᠦ ᠮᠡᠷᠭᠡᠵᠢᠯ ᠦᠨ ᠰᠢᠰᠲ᠋ᠧᠮ᠂ ᠬᠡᠯᠡ ᠶᠠᠷᠢᠶ᠎ᠠ ᠪᠣᠯᠤᠨ ᠪᠢᠴᠢᠭ ᠪᠣᠯᠪᠠᠰᠤᠷᠠᠭᠤᠯᠤᠯᠲᠠ᠂ ᠶᠠᠷᠢᠶ᠎ᠠ ᠲᠠᠨᠢᠬᠤ᠂ ᠮᠠᠱᠢᠨ ᠤ ᠬᠠᠷᠠᠭ᠎ᠠ ᠵᠡᠷᠭᠡ ᠣᠷᠣᠨ᠎ᠠ᠃[1]

ᠬᠢᠮᠡᠯ ᠣᠶᠤᠨ ᠨᠢ ᠮᠥᠨ ᠬᠦᠮᠦᠨ ᠦ ᠣᠶᠤᠨ ᠤᠬᠠᠭᠠᠨ ᠱᠠᠭᠠᠷᠳᠠᠳᠠᠭ ᠠᠵᠢᠯ ᠡᠭᠦᠷᠭᠡ ᠭᠦᠢᠴᠡᠳᠭᠡᠬᠦ ᠴᠢᠳᠠᠪᠤᠷᠢ ᠲᠠᠢ ᠤᠬᠠᠭᠠᠯᠢᠭ ᠮᠠᠱᠢᠨ ᠪᠦᠲᠦᠭᠡᠬᠦ ᠳᠦ ᠴᠢᠭᠯᠡᠭᠰᠡᠨ ᠻᠣᠮᠫᠢᠶᠦ᠋ᠲ᠋ᠧᠷ ᠦᠨ ᠰᠢᠨᠵᠢᠯᠡᠬᠦ ᠤᠬᠠᠭᠠᠨ ᠤ ᠰᠠᠯᠪᠤᠷᠢ ᠶᠤᠮ᠃[2]

ᠬᠢᠮᠡᠯ ᠣᠶᠤᠨ ᠨᠢ ᠻᠣᠮᠫᠢᠶᠦ᠋ᠲ᠋ᠧᠷ᠂ ᠮᠠᠱᠢᠨ ᠢ ᠠᠰᠠᠭᠤᠳᠠᠯ ᠰᠢᠢᠳᠪᠦᠷᠢᠯᠡᠬᠦ᠂ ᠰᠢᠢᠳᠪᠦᠷᠢ ᠭᠠᠷᠭᠠᠬᠤ ᠬᠦᠮᠦᠨ ᠦ ᠣᠶᠤᠨ ᠤᠬᠠᠭᠠᠨ ᠤ ᠴᠢᠳᠠᠪᠤᠷᠢ ᠶᠢ ᠳᠠᠭᠤᠷᠢᠶᠠᠯᠭᠠᠨ ᠠᠵᠢᠯᠯᠠᠭᠤᠯᠬᠤ

ᠦᠢᠯᠡ ᠶᠠᠪᠤᠴᠠ ᠶᠤᠮ᠃ ᠲᠡᠢᠢᠮᠦ ᠡᠴᠡ ᠬᠢᠮᠡᠯ ᠣᠶᠤᠨ ‍ᠤ ᠰᠠᠯᠪᠤᠷᠢ ᠪᠣᠯ ᠤᠬᠠᠭᠠᠯᠢᠭ ᠮᠠᠱᠢᠨ᠂ ᠢᠯᠠᠩᠭᠤᠶ᠎ᠠ ᠤᠬᠠᠭᠠᠯᠢᠭ ᠻᠣᠮᠫᠢᠶᠦ᠋ᠲ᠋ᠧᠷ ᠦᠨ ᠫᠷᠣᠭ᠌ᠷᠠᠮprogram ᠪᠦᠲᠦᠭᠡᠬᠦ ᠰᠢᠨᠵᠢᠯᠡᠬᠦ ᠤᠬᠠᠭᠠᠨ᠂ ᠢᠨ᠍ᠵᠧᠨᠧᠷᠴᠢᠯᠡᠯengineering ᠶᠤᠮ᠃ ᠻᠣᠮᠫᠢᠶᠦ᠋ᠲ᠋ᠧᠷ ᠠᠰᠢᠭᠯᠠᠨ ᠬᠦᠮᠦᠨ ᠦ ᠣᠶᠤᠨ ᠤᠬᠠᠭᠠᠨ ᠢ ᠤᠶ᠋ᠢᠯᠠᠭᠠᠬᠤ ᠦᠢᠯᠡ ᠠᠵᠢᠯᠯᠠᠭ᠎ᠠ ᠲᠠᠢ ᠬᠢᠮᠡᠯ ᠣᠶᠤᠨ ᠬᠠᠮᠢᠶᠠᠷᠤᠯ ᠲᠠᠢ ᠪᠣᠯᠪᠠᠴᠤ ᠪᠢᠣᠯᠣᠭᠢ ᠶᠢᠨbiology ᠠᠷᠭ᠎ᠠ ᠨᠤᠭᠤᠳ ‍ᠢ ᠵᠠᠭᠪᠤᠷᠴᠢᠯᠠᠨ ᠠᠰᠢᠭᠯᠠᠬᠤ ᠪᠠᠷ ᠬᠢᠵᠠᠭᠠᠷᠯᠠᠭᠳᠠᠬᠤ ᠠᠯᠪᠠ ᠦᠭᠡᠢ ᠪᠢᠯᠡ᠃[3]

ᠪᠠᠶ᠋ᠢᠭᠠᠯᠢ ᠢᠢᠨ ᠣᠶᠤᠨ ᠬᠦᠮᠦᠨ ᠬᠢᠭᠡᠳ ᠪᠤᠰᠤᠳ ᠠᠮᠢᠲᠠᠳ ᠲᠤ ᠢᠯᠡᠷᠡᠳᠡᠭ ᠪᠣᠯ ᠬᠢᠮᠡᠯ ᠣᠶᠤᠨ ᠨᠢ ᠮᠠᠱᠢᠨ ᠨᠤᠭᠤᠳ ᠤᠨ ᠠᠵᠢᠯᠯᠠᠭᠠᠨ ‍ᠳᠤ ᠲᠤᠰᠬᠠᠯ ‍ᠢᠢᠨ ᠣᠯᠳᠠᠭ᠃


ᠠᠵᠢᠯᠯᠠᠭ᠎ᠠ

ᠬᠢᠮᠡᠯ ᠣᠶᠤᠨᠲᠤ ᠰᠢᠰᠲ᠋ᠧᠮ ᠦᠳ ᠨᠢ ᠶᠡᠬᠡ ᠬᠡᠮᠵᠢᠶᠡᠨ ᠦ ᠥᠭᠭᠥᠭᠳᠡᠯ ᠦᠨ ᠪᠠᠭᠴᠠ ᠨᠤᠭᠤᠳ ᠢ ᠤᠬᠠᠭᠠᠯᠢᠭ᠂ ᠳᠠᠪᠲᠠᠯᠲᠠ ᠲᠠᠢ ᠪᠣᠯᠪᠠᠰᠤᠷᠠᠭᠤᠯᠬᠤ ᠠᠯᠭ᠌ᠣᠷᠢᠲ᠋ᠮ ᠤᠳ ᠲᠠᠢalgorithm ᠬᠣᠣᠰᠯᠠᠭᠤᠯᠵᠤ᠂ ᠳ᠋ᠦ᠋ᠩ ᠰᠢᠨᠵᠢᠯᠡᠭᠡ ᠬᠢᠵᠦ ᠪᠤᠢ ᠥᠭᠭᠥᠭᠳᠡᠯ ᠦᠨ ᠬᠡᠪ ᠰᠢᠨᠵᠢ᠂ ᠣᠨᠴᠠᠯᠢᠭ ᠠᠴᠠ ᠰᠤᠷᠤᠯᠴᠠᠬᠤ ᠵᠠᠮ ᠢᠢᠠᠷ ᠠᠵᠢᠯᠯᠠᠳᠠᠭ᠃

ᠬᠢᠮᠡᠯ ᠣᠶᠤᠨᠲᠤ ᠰᠢᠰᠲ᠋ᠧᠮ ᠨᠢ ᠥᠭᠭᠥᠭᠳᠡᠯ ᠪᠣᠯᠪᠠᠰᠤᠷᠠᠭᠤᠯᠬᠤ ᠮᠥᠴᠡᠯᠭᠡ ᠪᠦᠷᠢ ᠳᠦ ᠪᠡᠨ ᠥᠪᠡᠷ ᠦᠨ ᠭᠦᠢᠴᠡᠳᠬᠡᠯ ᠢ ᠲᠤᠷᠰᠢᠵᠤ᠂ ᠬᠡᠮᠵᠢᠵᠦ᠂ ᠨᠡᠮᠡᠯᠲᠡ ᠮᠡᠳᠡᠯᠭᠡ᠂ ᠲᠤᠷᠰᠢᠯᠭ᠎ᠠ ᠪᠤᠢ ᠪᠣᠯᠭᠠᠨ ᠬᠤᠷᠠᠮᠲᠤᠯᠠᠭᠤᠯᠵᠤ ᠪᠠᠶ᠋ᠢᠳᠠᠭ᠃

ᠬᠢᠮᠡᠯ ᠣᠶᠤᠨ ᠬᠡᠵᠢᠶ᠎ᠡ ᠴᠤ ᠠᠮᠤᠷᠠᠬᠤ ᠱᠠᠭᠠᠷᠳᠠᠯᠭ᠎ᠠ ᠦᠭᠡᠢ ᠲᠤᠯᠠ ᠮᠢᠩᠭ᠎ᠠ ᠮᠢᠩᠭᠠᠨ᠂ ᠪᠦᠷ ᠰᠠᠶ᠋ᠢ ᠰᠠᠶ᠋ᠢ ᠵᠣᠷᠢᠯᠲᠠᠲᠤ ᠦᠢᠯᠡ ᠠᠵᠢᠯᠯᠠᠭ᠎ᠠ ᠶᠢ ᠮᠠᠰᠢ ᠬᠤᠷᠳᠤᠨ ᠭᠦᠢᠴᠡᠳᠭᠡᠵᠦ᠂ ᠠᠬᠠᠷ ᠪᠣᠭᠣᠨᠢ ᠬᠤᠭᠤᠴᠠᠭᠠᠨ ᠳᠤ ᠶᠡᠬᠡ ᠵᠦᠢᠯ ᠳᠦ ᠰᠤᠷᠤᠯᠴᠠᠵᠤ᠂ ᠭᠦᠢᠴᠡᠳᠭᠡᠬᠦ ᠪᠡᠷ ᠰᠤᠷᠭᠠᠭᠰᠠᠨ ᠵᠦᠢᠯᠡᠰ ᠲᠦ ᠨᠡᠩ ᠴᠢᠳᠠᠪᠤᠷᠢᠯᠢᠭ ᠪᠣᠯᠵᠤ ᠲᠡᠭᠦᠯᠳᠡᠷᠰᠢᠳᠡᠭ᠃

ᠭᠡᠬᠦ ᠳᠦ ᠪᠡᠨ ᠬᠢᠮᠡᠯ ᠣᠶᠤᠨ ᠬᠡᠷᠬᠢᠨ ᠠᠵᠢᠯᠯᠠᠳᠠᠭ ᠢ ᠤᠶ᠋ᠢᠯᠠᠭᠠᠬᠤ ᠨᠢ ᠬᠢᠮᠡᠯ ᠣᠶᠤᠨ ᠻᠣᠮᠫᠢᠶᠦ᠋ᠲ᠋ᠧᠷ ᠦᠨ ᠨᠢᠭᠡᠨ ᠫᠷᠣᠭ᠌ᠷᠠᠮ ᠲᠡᠳᠦᠢ ᠪᠢᠰᠢ ᠬᠠᠷᠢᠨ ᠪᠦᠬᠦᠯᠢ ᠪᠦᠲᠦᠨ ᠰᠠᠯᠪᠤᠷᠢ ᠰᠢᠨᠵᠢᠯᠡᠬᠦ ᠤᠬᠠᠭᠠᠨ ᠭᠡᠳᠡᠭ ᠢ ᠣᠶ᠋ᠢᠯᠠᠭᠠᠬᠤ ᠠᠴᠠ ᠡᠬᠢᠯᠡᠨ᠎ᠡ᠃

ᠬᠢᠮᠡᠯ ᠣᠶᠤᠨ ᠰᠤᠳᠤᠯᠤᠯ ᠤᠨ ᠰᠢᠨᠵᠢᠯᠡᠬᠦ ᠤᠬᠠᠭᠠᠨ ᠤ ᠵᠣᠷᠢᠯᠭ᠎ᠠ ᠨᠢ ᠬᠦᠮᠦᠨ ᠦ ᠦᠢᠯᠡ ᠠᠵᠢᠯᠯᠠᠭ᠎ᠠ ᠶᠢ ᠵᠠᠭᠪᠤᠷᠴᠢᠯᠠᠬᠤ ᠴᠢᠳᠠᠪᠤᠷᠢ ᠲᠠᠢ᠂ ᠶᠠᠷᠪᠢᠭ ᠲᠠᠢ ᠡᠭᠡᠳᠡᠷᠡᠭᠡ ᠲᠡᠢ ᠠᠰᠠᠭᠤᠳᠠᠯ ᠢ ᠰᠢᠢᠳᠪᠦᠷᠢᠯᠡᠬᠦ ᠳᠦ ᠬᠦᠮᠦᠨ ‍ᠦ ᠬᠢ ᠯᠦᠭᠡ ᠠᠳᠠᠯᠢ ᠰᠡᠳᠬᠢᠨ ᠪᠣᠳᠣᠬᠤ ᠦᠢᠯᠡ ᠶᠠᠪᠤᠴᠠ ᠶᠢ ᠠᠰᠢᠭᠯᠠᠳᠠᠭ ᠻᠣᠮᠫᠢᠶᠦ᠋ᠲ᠋ᠧᠷ ᠦᠨ ᠰᠢᠰᠲ᠋ᠧᠮ ᠪᠤᠢ ᠪᠣᠯᠭᠠᠬᠤ ᠳᠤ ᠣᠷᠣᠰᠢᠨ᠎ᠠ᠃

ᠡᠨᠡᠬᠦ ᠵᠣᠷᠢᠯᠭ᠎ᠠ ᠶᠢ ᠬᠡᠷᠡᠭᠵᠢᠭᠦᠯᠬᠦ ᠶᠢᠨ ᠲᠤᠯᠠᠳᠠ ᠬᠢᠮᠡᠯ ᠣᠶᠤᠨᠲᠤ ᠰᠢᠰᠲ᠋ᠧᠮ ᠦᠳ ᠨᠢ ᠪᠦᠬᠦ ᠲᠥᠷᠦᠯ ᠦᠨ ᠲᠧᠭᠨᠢᠭ ᠠᠷᠭᠠᠴᠢᠯᠠᠯ᠂ ᠦᠢᠯᠡ ᠶᠠᠪᠤᠴᠠ ᠬᠢᠭᠡᠳ ᠥᠷᠭᠡᠨ ᠣᠯᠠᠨ ᠲᠥᠷᠦᠯ ᠦᠨ ᠲᠧᠻᠨᠣᠯᠣᠭᠢ ᠶᠢ ᠠᠰᠢᠭᠯᠠᠨ᠎ᠠ᠃[4]

ᠬᠢᠮᠡᠯ ᠣᠶᠤᠨ ᠤ ᠰᠢᠰᠲ᠋ᠧᠮ ᠦᠳ ᠨᠢ ᠶᠡᠬᠡ ᠬᠡᠮᠵᠢᠶᠡᠨ ᠦ ᠰᠤᠷᠭᠠᠯᠲᠠ ᠶᠢᠨ ᠥᠭᠭᠥᠭᠳᠡᠯ ᠢ ᠪᠣᠯᠪᠰᠤᠷᠤᠭᠤᠯᠵᠤ᠂ ᠥᠭᠭᠥᠭᠳᠡᠯ ᠳᠦ ᠪᠤᠢ ᠬᠠᠮᠢᠶᠠᠷᠤᠯ᠂ ᠵᠦᠢ ᠲᠣᠭᠲᠠᠯ ᠤᠳ ᠢ ᠰᠢᠨᠵᠢᠯᠡᠵᠦ᠂ ᠲᠡᠳᠡᠭᠡᠷ ᠲᠦ ᠳᠤᠯᠳᠤᠶ᠋ᠢᠳᠤᠨ ᠢᠷᠡᠭᠡᠳᠦᠢ ᠶᠢᠨ ᠲᠥᠯᠦᠪ ᠪᠠᠶ᠋ᠢᠳᠠᠯ ᠢ ᠲᠠᠭᠠᠮᠠᠭᠯᠠᠳᠠᠭ᠃ ᠡᠶ᠋ᠢᠮᠦ ᠠᠷᠭ᠎ᠠ ᠪᠠᠷ᠂ ᠪᠢᠴᠢᠪᠦᠷᠢ ‍ᠢᠢᠨ ᠴᠠᠲ ᠤᠨchat ᠣᠯᠠᠨ ᠵᠢᠱᠢᠶ᠎ᠡ ᠪᠡᠷ ᠴᠡᠨᠡᠭᠯᠡᠭᠳᠡᠭᠰᠡᠨ ᠴᠠᠲ᠋ᠪᠣᠲchatbot ᠶᠠᠭ ᠬᠦᠮᠦᠨ ᠬᠣᠭᠣᠷᠣᠨᠳᠣ ᠶᠢᠨ ᠬᠠᠷᠢᠯᠴᠠᠭ᠎ᠠ ᠡᠭᠦᠰᠬᠡᠵᠦ ᠰᠤᠷᠬᠤ᠂ ᠳᠦᠷᠰᠦ ᠲᠠᠨᠢᠬᠤ ᠬᠡᠷᠡᠭᠰᠡᠯ ᠣᠯᠠᠨ ᠰᠠᠶ᠎ᠠ ᠵᠢᠱᠢᠭ ᠳᠦᠷᠰᠦ ᠶᠢ ᠨᠢᠭᠲᠠᠯᠠᠨ ᠦᠵᠡᠬᠦ ᠵᠠᠮ ᠢᠢᠠᠷ ᠵᠢᠷᠤᠭ ᠳᠡᠭᠡᠷᠡᠬᠢ ᠵᠦᠢᠯᠡᠰ ᠢ ᠢᠯᠭᠠᠨ ᠲᠣᠳᠣᠷᠬᠠᠶ᠋ᠢᠯᠠᠵᠤ᠂ ᠳᠦᠷᠰᠦᠯᠡᠵᠦ ᠰᠤᠷᠬᠤ ᠪᠣᠯᠤᠮᠵᠢ ᠲᠠᠢ᠃

ᠬᠢᠮᠡᠯ ᠣᠶᠤᠨ ᠫᠷᠣᠭ᠌ᠷᠠᠮᠴᠢᠯᠠᠯ ᠨᠢ ᠰᠡᠳᠬᠢᠬᠦᠢ ᠶᠢᠨ ᠭᠤᠷᠪᠠᠨ ᠴᠢᠳᠠᠪᠤᠷᠢ ᠶᠢ ᠣᠨᠢᠯᠠᠳᠠᠭ᠄ ᠰᠤᠷᠤᠯᠴᠠᠬᠤ᠂ ᠡᠷᠭᠢᠴᠡᠭᠦᠯᠬᠦ᠂ ᠥᠪᠡᠷ ᠢ ᠪᠡᠨ ᠵᠠᠰᠠᠬᠤ᠃

ᠰᠤᠷᠤᠯᠴᠠᠬᠤ ᠦᠢᠯᠡ ᠶᠠᠪᠤᠴᠠ᠄ ᠬᠢᠮᠡᠯ ᠣᠶᠤᠨ ᠫᠷᠣᠭ᠌ᠷᠠᠮᠴᠢᠯᠠᠯ ᠤᠨ ᠡᠨᠡ ᠰᠠᠯᠠᠭ᠎ᠠ ᠨᠢ ᠥᠭᠭᠥᠭᠳᠡᠯ ᠣᠯᠵᠤ ᠠᠪᠬᠤ᠂ ᠥᠭᠭᠥᠭᠳᠡᠯ ᠢ ᠬᠡᠷᠬᠢᠨ ᠠᠰᠢᠭ ᠲᠠᠢ ᠮᠡᠳᠡᠭᠡᠯᠡᠯ ᠳᠦ ᠤᠷᠪᠠᠭᠤᠯᠬᠤ ᠳᠦᠷᠢᠮ ᠢ ᠵᠣᠬᠢᠶᠠᠬᠤ ᠳᠤ ᠴᠢᠭᠯᠡᠭᠳᠡᠳᠡᠭ᠃ ᠠᠯᠭ᠌ᠣᠷᠢᠲ᠋ᠮ ᠬᠡᠮᠡᠬᠦ ᠲᠡᠷᠡ ᠳᠦᠷᠢᠮ ᠦᠳ ᠨᠢ ᠲᠣᠳᠣᠷᠬᠠᠢ ᠠᠵᠢᠯ ᠢ ᠬᠡᠷᠬᠢᠨ ᠭᠦᠢᠴᠡᠳᠭᠡᠬᠦ ᠠᠯᠬᠤᠮ ᠠᠯᠬᠤᠮᠴᠢᠯᠠᠭᠰᠠᠨ ᠵᠢᠭᠠᠪᠤᠷᠢ ᠶᠢ ᠲᠣᠭᠠᠴᠠᠭᠠᠯᠠᠬᠤ ᠲᠥᠬᠥᠭᠡᠷᠦᠮᠵᠢ ᠳᠦ ᠥᠭᠳᠡᠭ᠃

ᠡᠷᠭᠢᠴᠡᠭᠦᠯᠬᠦ ᠦᠢᠯᠡ ᠶᠠᠪᠤᠴᠠ᠄ ᠬᠢᠮᠡᠯ ᠣᠶᠤᠨ ᠫᠷᠣᠭ᠌ᠷᠠᠮᠴᠢᠯᠠᠯ ᠤᠨ ᠡᠨᠡ ᠰᠠᠯᠠᠭ᠎ᠠ ᠨᠢ ᠬᠦᠰᠡᠭᠰᠡᠨ ᠦᠷ᠎ᠡ ᠳ᠋ᠦ᠋ᠩ ᠳᠦ ᠬᠦᠷᠬᠦ ᠵᠥᠪ ᠠᠯᠭ᠌ᠣᠷᠢᠲ᠋ᠮ ᠢ ᠰᠣᠩᠭᠣᠬᠤ ᠳᠤ ᠴᠢᠭᠯᠡᠳᠡᠭ᠃

ᠥᠪᠡᠷ ᠢ ᠪᠡᠨ ᠵᠠᠰᠠᠬᠤ ᠦᠢᠯᠡ ᠶᠠᠪᠤᠴᠠ᠄ ᠬᠢᠮᠡᠯ ᠣᠶᠤᠨ ᠫᠷᠣᠭ᠌ᠷᠠᠮᠴᠢᠯᠠᠯ ᠤᠨ ᠡᠨᠡ ᠰᠠᠯᠠᠭ᠎ᠠ ᠨᠢ ᠠᠯᠭ᠌ᠣᠷᠢᠲ᠋ᠮ ᠤᠳ ᠢ ᠲᠠᠰᠤᠷᠠᠯᠲᠠ ᠦᠭᠡᠢ ᠨᠠᠷᠢᠪᠴᠢᠯᠠᠨ ᠲᠡᠭᠦᠰᠦᠷᠡᠭᠦᠯᠵᠦ᠂ ᠪᠠᠶ᠋ᠢᠵᠤ ᠪᠣᠯᠬᠤ ᠬᠠᠮᠤᠭ ᠤᠨ ᠦᠨᠡᠨ ᠵᠥᠪ ᠦᠷ᠎ᠡ ᠳ᠋ᠦ᠋ᠩ ᠭᠠᠷᠭᠠᠬᠤ ᠨᠥᠬᠥᠴᠡᠯ ᠢ ᠪᠦᠷᠢᠳᠦᠭᠦᠯᠬᠦ ᠳᠦ ᠴᠢᠭᠯᠡᠳᠡᠭ᠃[1]


ᠲᠥᠷᠦᠯ

ᠬᠢᠮᠡᠯ

ᠨᠡᠷ ‍ᠡ᠋ ᠲᠣᠮᠢᠶᠠᠯᠠᠯ

ᠬᠢᠮᠡᠯ ᠣᠶᠤᠨ - artificial intelligence - искусственный интеллект

ᠮᠡᠷᠭᠡᠵᠢᠯ ᠦᠨ ᠰᠢᠰᠲ᠋ᠧᠮ - expert system - экспертная система

ᠬᠡᠯᠡ ᠪᠣᠯᠪᠠᠰᠤᠷᠠᠭᠤᠯᠤᠯᠲᠠ - natural language procesing - обработка естественного языка

ᠶᠠᠷᠢᠶ᠎ᠠ ᠲᠠᠨᠢᠬᠤ - speech recognition - распознавание речи

ᠮᠠᠱᠢᠨ ᠰᠤᠷᠤᠯᠴᠠᠬᠤᠢ - machine learning - машинное обучение

ᠮᠠᠱᠢᠨ ᠬᠠᠷᠠᠭ᠎ᠠ - machine vision - машинное зрение


ᠡᠬᠢ ᠰᠤᠷᠪᠤᠯᠵᠢ

  1. 1.0 1.1 Ed Burns, Nicole Laskowski, Linda Tucci. What is artificial intelligence (AI)? ᠬᠠᠨᠳᠤᠭᠰᠠᠨ 2022/02/12. TechTarget. https://www.techtarget.com/searchenterpriseai/definition/AI-Artificial-Intelligence
  2. Artificial Intelligence. ᠬᠠᠨᠳᠤᠭᠰᠠᠨ 2022/02/12. Built In.https://builtin.com/artificial-intelligence
  3. Artificial Intelligence (AI). By: IBM Cloud Education, 3 June 2020. IBM. https://www.ibm.com/cloud/learn/what-is-artificial-intelligence
  4. CSU Global. How does AI actually work? 2021/08/09. https://csuglobal.edu/blog/how-does-artificial-intelligence-actually-work