ᠳ᠋ᠷᠣᠨ (ᠨᠢᠰᠳᠡᠭ)
ᠮᠣᠩᠭᠤᠯ ᠤᠯᠤᠰ ᠤᠨ ᠵᠡᠪᠰᠡᠭᠲᠦ ᠬᠦᠴᠦᠨ ᠦ ᠪᠦᠷᠢᠯᠳᠦᠬᠦᠨ ᠳᠦ ᠳ᠋ᠷᠣᠨ ᠤ ᠰᠤᠷᠭᠤᠯᠲᠠ ᠶᠠᠪᠤᠭᠳᠠᠭᠰᠠᠨ ᠠᠨᠤ |
ᠨᠢᠰᠳᠡᠭ ᠳ᠋ᠷᠣᠨ ᠭᠡᠳᠡᠭ ᠨᠢ ᠠᠯᠤᠰ ᠤᠨ ᠤᠳᠤᠷᠢᠳᠤᠯᠭ᠎ᠠ ᠲᠠᠢ᠂ ᠡᠰᠡᠪᠡᠯ ᠥᠪᠡᠷ ᠦᠨ ᠲᠡᠭᠡᠭᠡᠵᠦ ᠶᠠᠪᠤᠭ᠎ᠠ ᠴᠠᠬᠢᠮ ᠲᠣᠭᠠᠴᠠᠭᠠᠯᠠᠭᠣᠷ ᠢᠢᠠᠷ ᠤᠳᠤᠷᠢᠳᠤᠭᠳᠠᠳᠠᠭ ᠨᠢᠰᠬᠦ ᠲᠥᠬᠦᠭᠡᠷᠦᠮᠵᠢ ᠶᠤᠮ᠃ ᠨᠢᠰᠳᠡᠭ ᠳ᠋ᠷᠣᠨ ᠢ ᠠᠵᠢᠭᠯᠠᠯᠲᠠ᠂ ᠬᠢᠨᠠᠯᠲᠠ᠂ ᠰᠤᠳᠤᠯᠭ᠎ᠠ᠂ ᠭᠡᠷᠡᠯ ᠵᠢᠷᠤᠭᠯᠠᠯ᠂ ᠴᠡᠩᠭᠡᠭᠡᠨ ᠵᠡᠷᠭᠡ ᠶᠠᠩᠵᠤ ᠪᠦᠷᠢ ᠢᠢᠨ ᠵᠣᠷᠢᠯᠭ᠎ᠠ ᠳ᠋ᠤ ᠠᠰᠢᠭᠯᠠᠳᠠᠭ᠃
ᠬᠢᠴᠡ
ᠵᠠᠷᠢᠮ ᠲᠣᠬᠢᠶᠠᠯᠳᠤᠯ ᠳᠤ ᠳ᠋ᠷᠤᠨ ᠢ ᠨᠢᠰᠬᠡᠭᠴᠢ ᠲᠡᠢ ᠣᠩᠭᠣᠴᠠᠨ ᠤ ᠬᠢᠴᠡ ᠵᠠᠭᠪᠤᠷ ᠢ ᠪᠠᠷᠢᠮᠲᠠᠯᠠᠵᠤ ᠬᠢᠳᠡᠭ᠃ ᠢᠯᠭᠠᠭ᠎ᠠ ᠨᠢ ᠭᠡᠪᠡᠯ ᠨᠢᠰᠬᠡᠭᠴᠢ ᠦᠭᠡᠢ ᠣᠩᠭᠣᠴᠠ ᠨᠢ ᠨᠢᠰᠬᠡᠭᠴᠢ ᠶᠢᠨ ᠪᠦᠬᠡᠭᠡᠭ᠂ ᠴᠣᠩᠬᠣ᠂ ᠠᠮᠢᠨ ᠬᠠᠩᠭᠠᠮᠵᠢ ᠶᠢᠨ ᠰᠢᠰᠲ᠋ᠧᠮ ᠬᠡᠷᠡᠭ ᠦᠭᠡᠢ ᠲᠤᠯᠠ ᠵᠠᠢ᠂ ᠵᠢᠩ ᠬᠡᠮᠨᠡᠬᠦ᠂ ᠲᠡᠭᠦᠨᠴᠢᠯᠡᠨ ᠢᠯᠡᠭᠦᠦ ᠬᠥᠩᠭᠡᠨ᠂ ᠬᠢᠮᠳᠠ ᠲᠦᠭᠦᠬᠡᠢ ᠡᠳ᠋ ᠠᠰᠢᠭᠯᠠᠬᠤ ᠪᠣᠯᠤᠮᠵᠢ ᠲᠠᠢ᠃ ᠵᠠᠷᠢᠮ ᠵᠠᠭᠪᠤᠷ ᠨᠢ ᠨᠢᠰᠬᠡᠭᠴᠢ ᠲᠡᠢ ᠪᠣᠯᠤᠨ ᠨᠢᠰᠬᠡᠭᠴᠢ ᠦᠭᠡᠢ ᠬᠣᠶᠠᠷ ᠭᠣᠷᠢᠮ ᠢᠢᠠᠷ ᠠᠵᠢᠯᠯᠠᠬᠤ ᠪᠠᠷ ᠵᠣᠬᠢᠶᠠᠭᠳᠠᠭᠰᠠᠨ ᠪᠠᠶ᠋ᠢᠳᠠᠭ᠃
ᠨᠢᠰᠳᠡᠭ ᠳᠠᠯᠠᠪᠴᠢ ᠪᠣᠯᠤᠨ ᠳᠠᠯᠠᠪᠴᠢ᠂ ᠶᠡᠬᠡ ᠪᠡᠶ᠎ᠡ ᠠᠭᠤᠰᠤᠨ ᠨᠡᠶ᠋ᠢᠯᠡᠭᠰᠡᠨ ᠵᠠᠭᠪᠤᠷ ᠢ ᠲᠦᠭᠡᠮᠡᠯ ᠬᠡᠷᠡᠭᠯᠡᠨ᠎ᠡ᠃ ᠡᠶ᠋ᠢᠮᠦ ᠬᠢᠴᠡ ᠨᠢ ᠵᠢᠩ᠂ ᠠᠭᠠᠷ ᠤᠨ ᠡᠰᠡᠷᠭᠦᠴᠡᠯ ᠢ ᠪᠠᠭᠤᠷᠠᠭᠤᠯᠬᠤ ᠶᠢᠨ ᠵᠡᠷᠭᠡᠴᠡᠭᠡ ᠣᠩᠭᠣᠴᠠ ᠢᠯᠡᠷᠡᠭᠦᠯᠬᠦ ᠠᠯᠢᠪᠠ ᠲᠧᠻᠨᠣᠯᠣᠭᠢ ᠶᠢᠨ ᠲᠥᠬᠦᠭᠡᠷᠦᠮᠵᠢ ᠳᠦ ᠢᠯᠡᠷᠡᠬᠦ ᠦᠭᠡᠢ ᠨᠢᠭᠤᠴᠠ ᠨᠢᠰᠬᠦ ᠳᠦ ᠪᠠᠰᠠ ᠲᠣᠬᠢᠷᠠᠮᠵᠢᠲᠠᠢ ᠪᠠᠶ᠋ᠢᠳᠠᠭ᠃
ᠵᠢᠵᠢᠭ ᠬᠡᠮᠵᠢᠶᠡᠨ ᠦ ᠳ᠋ᠷᠤᠨ ᠳᠤ ᠳᠥᠷᠪᠡᠨ ᠰᠡᠩᠰᠡᠳᠦ ᠪᠣᠰᠤᠭ᠎ᠠ ᠲᠡᠩᠬᠡᠯᠢᠭ ᠢᠢᠡᠷ ᠬᠥᠭᠡᠷᠬᠦ ᠵᠠᠭᠪᠤᠷ ᠢ ᠥᠷᠭᠡᠨ ᠬᠡᠷᠡᠭᠯᠡᠵᠦ ᠪᠠᠶ᠋ᠢᠨ᠎ᠠ᠃[1]
ᠲᠡᠭᠦᠨᠴᠢᠯᠡᠨ ᠰᠢᠪᠠᠭᠤ᠂ ᠰᠢᠪᠠᠵᠢᠨ ᠤ ᠬᠡᠯᠪᠡᠷᠢ ᠲᠡᠢ ᠪᠢᠴᠢᠯ ᠳ᠋ᠷᠤᠨ ᠠᠰᠢᠭᠯᠠᠭᠳᠠᠳᠠᠭ᠃ ᠵᠢᠵᠢᠭ ᠬᠡᠮᠵᠢᠶ᠎ᠡ ᠲᠡᠢ᠂ ᠳ᠋ᠷᠤᠨ ᠭᠡᠵᠦ ᠬᠢᠯᠪᠠᠷ ᠮᠡᠳᠡᠭᠳᠡᠬᠦ ᠦᠭᠡᠢ ᠲᠤᠯᠠ ᠲᠠᠩᠨᠠᠭᠤᠯ ᠤᠨ ᠦᠢᠯᠡ ᠠᠵᠢᠯᠯᠠᠭᠠᠨ ᠳᠤ ᠬᠡᠷᠡᠭᠯᠡᠬᠦ ᠪᠣᠯᠤᠮᠵᠢ ᠲᠠᠢ᠃ ᠡᠶ᠋ᠢᠮᠦ ᠲᠥᠷᠥᠯ ᠦᠨ ᠳ᠋ᠷᠤᠨ ᠨᠢ ᠳᠠᠯᠠᠪᠴᠢ ᠳᠢᠪᠢᠵᠦ ᠨᠢᠰᠦᠨ᠎ᠡ᠃
ᠰᠢᠩᠭᠠᠫᠦ᠋ᠷ ᠤᠨ ᠲᠧᠻᠨᠣᠯᠣᠭᠢ ᠶᠢᠨ ᠨᠠᠨᠢᠶᠠᠩ ᠶᠡᠬᠡ ᠰᠤᠷᠭᠠᠭᠤᠯᠢ ᠪᠠ ᠻᠠᠯᠢᠹᠣᠷᠨᠢᠶ᠎ᠠ ᠶᠢᠨ ᠪᠧᠷᠻᠯᠧᠢ ᠶᠡᠬᠡ ᠰᠤᠷᠭᠠᠭᠤᠯᠢ ᠶᠢᠨ ᠪᠠᠭ ᠠᠮᠢᠳᠤ ᠴᠣᠬᠣ ᠶᠢ ᠠᠰᠢᠭᠯᠠᠨ ᠰᠢᠪᠠᠵᠢ ᠻᠣᠮᠫᠢᠶᠦ᠋ᠲ᠋ᠧᠷ ᠦᠨ ᠬᠣᠣᠰᠯᠠᠯ ᠷᠣᠪᠣᠲ ᠪᠦᠲᠦᠭᠡᠵᠡᠢ᠃
ᠴᠣᠬᠣ ᠬᠣᠷᠣᠬᠠᠢ ᠬᠤᠷᠳᠤᠨ ᠪᠥᠭᠡᠳ ᠠᠭᠠᠷ ᠲᠤ ᠪᠠᠶ᠋ᠢᠯᠭᠠᠬᠤ ᠶᠢᠨ ᠲᠤᠯᠠᠳᠠ ᠶᠠᠮᠠᠷ ᠴᠤ ᠢᠨ᠍ᠵᠧᠨᠧᠷᠴᠢᠯᠡᠯ ᠱᠠᠭᠠᠷᠳᠠᠯᠭ᠎ᠠ ᠦᠭᠡᠢ ᠲᠤᠯᠠ ᠳ᠋ᠷᠤᠨ ᠢ ᠣᠷᠣᠯᠠᠵᠤ ᠪᠣᠯᠤᠨ᠎ᠠ ᠭᠡᠵᠦ ᠲᠡᠳᠡ ᠦᠵᠡᠵᠦ ᠪᠠᠶ᠋ᠢᠨ᠎ᠠ᠃[2]
ᠤᠳᠤᠷᠢᠳᠤᠯᠭ᠎ᠠ
ᠲᠠᠨ ᠤ ᠪᠢᠴᠢᠪᠦᠷᠢ
ᠳᠠᠪᠠᠭᠤ ᠲᠠᠯ᠎ᠠ
ᠲᠠᠨ ᠤ ᠪᠢᠴᠢᠪᠦᠷᠢ
ᠡᠮᠵᠡᠭ ᠲᠠᠯ᠎ᠠ
ᠲᠠᠨ ᠤ
ᠨᠡᠷ᠎ᠡ ᠲᠣᠮᠢᠶᠠᠯᠠᠯ
ᠲᠠᠨ ᠤ
ᠡᠬᠢ ᠰᠤᠷᠪᠤᠯᠵᠢ
ᠲᠠᠨ ᠤ ᠡᠬᠢ ᠰᠤᠷᠪᠤᠯᠵᠢ
- ↑ Gabriel M. Hoffmann. Haomiao Huang. Steven L. Waslander. Claire J. Tomlin. Quadrotor Helicopter Flight Dynamics and Control: Theory and Experiment. Stanford University 2010/08/13. https://web.archive.org/web/20100813162324/http://hoffmann.stanford.edu/papers/Quadrotor_Dynamics_GNC07.pdf
- ↑ Alice Morby. Remote controlled cyborg beetles could replace drones. Dezeen 2016/03/30. https://www.dezeen.com/2016/03/30/remote-controlled-flying-cyborg-beetles-alternative-drones-nanyang-technological-university-singapore-california-berkley