Bluetooth
ᠠᠵᠢᠯᠯᠠᠬᠤ ᠵᠠᠷᠴᠢᠮ
ᠲᠥᠬᠦᠭᠡᠷᠡᠮᠵᠢ ᠬᠣᠯᠪᠤᠵᠤ ᠪᠠᠢᠢᠨ᠎ᠠ |
Bluetooth ᠨᠢ 〔ᠷᠠᠳᠢᠣ᠋ ᠳᠣᠯᠭᠢᠶᠠᠨ〕 ᠠᠰᠢᠭᠯᠠᠵᠤ ᠠᠵᠢᠯᠯᠠᠳᠠᠭ᠃ ᠢᠩᠭᠢᠬᠦ ᠳᠦ ᠪᠡᠨ ISM ᠵᠤᠷᠪᠤᠰ ᠤᠨ ᠳᠣᠯᠭᠢᠶᠠᠨ ᠠᠵᠢᠭᠯᠠᠳᠠᠭ ᠪᠠ ᠡᠨᠡ ᠡᠨᠡᠬᠦ ᠵᠤᠷᠪᠤᠰ ᠨᠢ ᠭᠡᠬᠦ ᠠᠬᠤᠢ ᠶᠢᠨ ᠲᠥᠬᠥᠭᠡᠷᠦᠮᠵᠢ᠂ ᠤᠲᠠᠰᠤ ᠦᠭᠡᠢ ᠬᠣᠯᠪᠣᠭᠠᠨ ᠤ ᠰᠦᠯᠵᠢᠶᠡᠨ ᠳᠦ ᠴᠤ ᠪᠠᠰᠠ ᠠᠰᠢᠭᠯᠠᠭᠳᠠᠳᠠᠭ ᠪᠠᠶᠢᠨ᠎ᠠ. ISM ᠭᠡᠳᠡᠭ ᠨᠢ Industry᠂ Science and Medicine (ᠦᠢᠯᠡᠳᠪᠦᠷᠢ᠂ ᠰᠢᠨᠵᠢᠯᠡᠬᠦ ᠤᠬᠠᠭᠠᠨ᠂ ᠡᠮᠨᠡᠯᠭᠡ) ᠭᠡᠰᠡᠨ ᠦᠭᠡ ᠶᠢᠨ ᠲᠣᠪᠴᠢᠯᠠᠯ᠃
Bluetooth ᠬᠣᠯᠪᠣᠭᠠᠨ ᠳᠤ ᠬᠡᠷᠡᠭᠯᠡᠳᠡᠭ ᠦᠶᠡᠯᠡᠵᠡᠯ ᠨᠢ 2᠂402-2᠂48 GHz.〔12〕〔13〕 ᠦᠰᠦᠷᠦᠯᠲᠡ ᠲᠡᠢ ᠲᠠᠷᠬᠠᠯᠲᠠ ᠶᠢᠨ ᠰᠫᠧᠺᠲ᠋ᠷ (Frequency Hopping Spread Spectrum᠂ FHSS) ᠠᠷᠭ᠎ᠠ ᠶᠢ ᠬᠡᠷᠡᠭᠵᠢᠭᠦᠯᠳᠡᠭ. FHSS ᠪᠣᠯ ᠬᠡᠷᠡᠭᠵᠢᠭᠦᠯᠬᠦ ᠳᠦ ᠬᠢᠯᠪᠠᠷ ᠡᠩ ᠦᠨ᠂ ᠥᠷᠭᠡᠨ ᠵᠤᠷᠪᠤᠰ ᠤᠨ ᠰᠠᠭᠠᠳ ᠲᠤ ᠲᠡᠰᠪᠦᠷᠢ ᠲᠣᠭᠲᠠᠪᠤᠷᠢᠲᠠᠢ ᠪᠠᠶᠢᠳᠠᠯ ᠢ ᠬᠠᠩᠭᠠᠵᠤ ᠥᠭᠳᠡᠭ᠂ ᠲᠣᠨᠣᠭ ᠲᠥᠬᠥᠭᠡᠷᠦᠮᠵᠢ ᠨᠢ ᠬᠢᠮᠳᠠ ᠲᠥᠰᠥᠷ᠃
FHSS ᠠᠷᠭ᠎ᠠ ᠶᠢ ᠬᠡᠷᠡᠭᠯᠡᠬᠦ ᠦᠶ᠎ᠡ ᠳᠦ ᠵᠥᠭᠡᠭᠡᠭᠴᠢ ᠦᠶᠡᠯᠵᠡᠯ ᠰᠧᠺᠦᠶᠢᠨᠳ᠋ ᠍ ᠲᠦ 1600 ᠤᠳᠠᠭ᠎ᠠ ᠦᠰᠦᠷᠦᠩᠭᠦᠢ ᠰᠣᠯᠢᠭᠳᠠᠳᠠᠭ 〔10〕᠃ 1 MHz ᠍ ᠤᠨ ᠥᠷᠭᠡᠨ ᠲᠡᠢ 79 ᠠᠵᠢᠯ ᠤᠨ ᠦᠶᠡᠯᠡᠵᠡᠯ ᠢ ᠢᠯᠭᠠᠳᠠᠭ᠃ ᠬᠠᠷᠢᠨ ᠶᠠᠫᠣᠨ᠂ ᠹᠷᠠᠨᠼᠢ᠂ ᠢᠰᠫᠠᠨᠢ ᠤᠯᠤᠰ ᠤᠳ ᠲᠤ ᠲᠡᠷᠬᠡᠦ ᠵᠤᠷᠪᠤᠰ ᠢ ᠤᠯᠠᠮ ᠨᠠᠷᠢᠰᠬᠠᠵᠤ 23 ᠦᠶᠡᠯᠡᠵᠡᠯ ᠦᠨ ᠰᠤᠪᠠᠭ ᠢ ᠢᠯᠭᠠᠳᠠᠭ᠃ ᠦᠶᠡᠯᠡᠵᠡᠯ ᠰᠣᠯᠢᠬᠤ ᠳᠠᠷᠠᠭᠠᠯᠠᠯ ᠨᠢ ᠲᠣᠬᠢᠶᠠᠯᠳᠤᠯ ᠤᠨ ᠲᠥᠰ ᠲᠦ (pseudorandom) ᠪᠥᠭᠡᠳ ᠳᠠᠮᠵᠢᠭᠤᠯᠤᠭᠴᠢ᠂ ᠬᠦᠯᠢᠶᠡᠨ ᠠᠪᠤᠭᠴᠢ ᠬᠣᠶᠠᠷ ᠲᠤ ᠯᠠ ᠮᠡᠳᠡᠭᠳᠡᠳᠡᠭ᠃ ᠳᠠᠮᠵᠢᠭᠤᠯᠤᠭᠴᠢ ᠪᠠ ᠬᠦᠯᠢᠶᠡᠨ ᠠᠪᠤᠭᠴᠢ ᠨᠢ 625 mks (ᠬᠤᠭᠤᠴᠠᠭᠠᠨ ᠤ ᠨᠢᠭᠡᠨ ᠮᠥᠴᠡᠯᠭᠡ) ᠲᠤᠲᠤᠮ ᠳᠤ ᠰᠢᠨ᠎ᠡ ᠵᠥᠭᠡᠭᠡᠭᠴᠢ ᠦᠶᠡᠯᠡᠵᠡᠯ ᠳᠦ ᠬᠥᠭᠯᠡᠭᠳᠡᠳᠡᠭ᠃
ᠢᠩᠭᠢᠭᠰᠡᠨ ᠢᠶᠡᠷ ᠣᠶᠢᠷ᠎ᠠ ᠵᠡᠷᠭᠡᠯᠡᠳᠡᠭᠡ ᠬᠡᠳᠦ ᠬᠡᠳᠦᠨ ᠳᠠᠮᠵᠢᠭᠤᠯᠤᠭᠴᠢ ᠪᠠ ᠬᠦᠯᠢᠶᠡᠨ ᠠᠪᠤᠭᠴᠢ ᠠᠵᠢᠯᠯᠠᠵᠤ ᠪᠠᠶᠢᠪᠠᠴᠤ ᠬᠠᠷᠢᠯᠴᠠᠨ ᠰᠠᠭᠠᠳ ᠡᠭᠦᠰᠬᠡᠳᠡᠭ ᠦᠭᠡᠢ᠃ ᠠᠵᠢᠯ ᠤᠨ ᠡᠶᠢᠮᠦ ᠭᠣᠷᠢᠮ ᠨᠢ ᠪᠠᠰᠠ ᠨᠢᠭᠤᠴᠠᠯᠠᠯ ᠬᠠᠳᠠᠭᠠᠯᠠᠬᠤ ᠲᠣᠭᠲᠠᠯᠴᠠᠭᠠᠨ ᠤ ᠨᠢᠭᠡᠨ ᠬᠡᠰᠡᠭ ᠪᠣᠯᠳᠠᠭ᠃ ᠵᠥᠭᠡᠭᠡᠭᠴᠢ ᠦᠶᠡᠯᠵᠡᠯ ᠰᠣᠯᠢᠬᠤ ᠨᠢ ᠪᠠᠰᠠ ᠲᠣᠬᠢᠶᠠᠯᠳᠤᠯ ᠤᠨ ᠲᠥᠰᠲᠦ ᠶᠠᠪᠤᠭᠳᠠᠬᠤ ᠶᠢᠨ ᠰᠠᠴᠠᠭᠤ ᠬᠣᠯᠪᠣᠯᠲᠠ ᠪᠦᠷᠢ ᠳᠦ ᠲᠤᠰ ᠲᠤ ᠨᠢ ᠲᠣᠳᠣᠷᠬᠠᠶᠢᠯᠠᠭᠳᠠᠳᠠᠭ᠃
Bluetooth ᠫᠷᠣᠲ᠋ᠣᠺᠣᠯ ᠨᠢ 《ᠴᠡᠭ ᠡᠴᠡ ᠴᠡᠭ》᠂ 《ᠴᠡᠭ ᠡᠴᠡ ᠣᠯᠠᠨ ᠴᠡᠭ》 ᠭᠡᠰᠡᠨ ᠬᠣᠯᠪᠣᠯᠲᠠ ᠶᠢ ᠳᠡᠮᠵᠢᠳᠡᠭ᠃ 〔10〕
ᠲᠣᠭᠠᠨ (digital) ᠥᠭᠭᠥᠭᠳᠡᠯ ᠪᠣᠯᠤᠨ ᠳᠠᠭᠤᠨ ᠳᠣᠬᠢᠶ᠎ᠠ (ᠬᠣᠶᠠᠷ ᠴᠢᠭᠯᠡᠯ ᠳᠦ ᠪᠡᠨ 64 kbit/s) ᠳᠠᠮᠵᠢᠭᠤᠯᠬᠤ ᠳᠤ ᠺᠣᠳᠣᠯᠠᠬᠤ ᠥᠭᠡᠷ᠎ᠡ ᠥᠭᠡᠷ᠎ᠡ ᠵᠠᠭᠪᠤᠷ ᠠᠰᠢᠭᠯᠠᠳᠠᠭ᠃ ᠳᠠᠭᠤᠤ ᠶᠢ ᠳᠠᠪᠲᠠᠨ ᠳᠠᠮᠵᠢᠭᠤᠯᠬᠤ ᠦᠭᠡᠢ᠂ ᠬᠠᠷᠢᠨ ᠲᠣᠭᠠᠨ ᠥᠭᠭᠥᠭᠳᠡᠯ ᠦᠨ ᠪᠠᠭᠴᠠ ᠠᠯᠳᠠᠭᠳᠠᠭᠰᠠᠨ ᠲᠣᠬᠢᠶᠠᠯᠳᠤᠯ ᠳᠤ ᠳᠠᠪᠲᠠᠨ ᠳᠠᠮᠵᠢᠭᠤᠯᠳᠠᠭ᠃