Bluetooth

Wikibilig-с
22:07, 14 Нэгдүгээр сар 2023-ий байдлаарх Ononbilig (яриа | оруулсан хувь нэмэр) хэрэглэгчийн хийсэн залруулга



align: top



ᠠᠵᠢᠯᠯᠠᠬᠤ ᠵᠠᠷᠴᠢᠮ


align: top
ᠲᠥᠬᠦᠭᠡᠷᠡᠮᠵᠢ ᠬᠣᠯᠪᠤᠵᠤ ᠪᠠᠢᠢᠨ᠎ᠠ


Bluetooth ᠨᠢ ᠷᠠᠳᠢᠣ᠋ ᠳᠣᠯᠭᠢᠶᠠᠨ ᠠᠰᠢᠭᠯᠠᠵᠤ ᠠᠵᠢᠯᠯᠠᠳᠠᠭ᠃ ᠢᠩᠭᠢᠬᠦ ᠳᠦ ᠪᠡᠨ ISM ᠵᠤᠷᠪᠤᠰ ᠤᠨ ᠳᠣᠯᠭᠢᠶᠠᠨ ᠠᠰᠢᠭᠯᠠᠳᠠᠭ ᠪᠠ ᠡᠨᠡᠬᠦ ᠵᠤᠷᠪᠤᠰ ᠨᠢ ᠭᠡᠷ ᠠᠬᠤᠢ ᠶᠢᠨ ᠴᠠᠬᠢᠯᠭᠠᠨ ᠬᠡᠷᠡᠭᠰᠡᠯ᠂ ᠤᠲᠠᠰᠤ ᠦᠭᠡᠢ ᠬᠣᠯᠪᠣᠭᠠᠨ ᠤ ᠰᠦᠯᠵᠢᠶᠡᠨ ᠳᠦ ᠴᠤ ᠪᠠᠰᠠ ᠠᠰᠢᠭᠯᠠᠭᠳᠠᠳᠠᠭ ᠪᠢᠯᠡ᠃ ISM ᠭᠡᠳᠡᠭ ᠨᠢ Industry᠂ Science and Medicine (ᠦᠢᠯᠡᠳᠪᠦᠷᠢ᠂ ᠰᠢᠨᠵᠢᠯᠡᠬᠦ ᠤᠬᠠᠭᠠᠨ᠂ ᠡᠮᠨᠡᠯᠭᠡ) ᠭᠡᠰᠡᠨ ᠦᠭᠡ ᠶᠢᠨ ᠲᠣᠪᠴᠢᠯᠠᠯ᠃

Bluetooth ᠬᠣᠯᠪᠣᠭᠠᠨ ᠳᠤ ᠬᠡᠷᠡᠭᠯᠡᠳᠡᠭ ᠦᠶᠡᠯᠡᠵᠡᠯ ᠨᠢ 2.402-2.48 GHz᠃[1] ᠦᠶᠡᠯᠵᠡᠯ ‍ᠦᠨ ᠦᠰᠦᠷᠦᠯᠲᠡ ᠲᠡᠢ ᠲᠠᠷᠬᠠᠯᠲᠠ ᠶᠢᠨ ᠰᠫᠧᠻᠲ᠋ᠷ (Frequency Hopping Spread Spectrum᠂ FHSS) ᠠᠷᠭ᠎ᠠ ᠶᠢ ᠬᠡᠷᠡᠭᠵᠢᠭᠦᠯᠳᠡᠭ᠃ FHSS ᠪᠣᠯ ᠬᠡᠷᠡᠭᠵᠢᠭᠦᠯᠬᠦ ᠳᠦ ᠬᠢᠯᠪᠠᠷ ᠡᠩ ᠦᠨ᠂ ᠥᠷᠭᠡᠨ ᠵᠤᠷᠪᠤᠰ ᠤᠨ ᠰᠠᠭᠠᠳ ᠲᠤ ᠲᠡᠰᠪᠦᠷᠢ ᠲᠣᠭᠲᠠᠪᠤᠷᠢ ᠲᠠᠢ ᠪᠠᠶ᠋ᠢᠳᠠᠯ ᠢ ᠬᠠᠩᠭᠠᠵᠤ ᠥᠭᠳᠡᠭ᠂ ᠲᠣᠨᠣᠭ ᠲᠥᠬᠥᠭᠡᠷᠦᠮᠵᠢ ᠨᠢ ᠬᠢᠮᠳᠠ ᠲᠥᠰᠥᠷ᠃ FHSS ᠠᠷᠭ᠎ᠠ ᠶᠢ ᠬᠡᠷᠡᠭᠯᠡᠬᠦ ᠦᠶ᠎ᠡ ᠳᠦ ᠵᠥᠭᠡᠭᠡᠭᠴᠢ ᠦᠶᠡᠯᠵᠡᠯ ᠰᠧᠻᠦ᠋ᠨ᠍ᠳ᠋ ᠍ ᠲᠦ 1600 ᠤᠳᠠᠭ᠎ᠠ ᠦᠰᠦᠷᠦᠩᠭᠦᠢ ᠰᠣᠯᠢᠭᠳᠠᠳᠠᠭ᠃[2] 1 MHz ᠎ ᠍ ᠤᠨ ᠥᠷᠭᠡᠨ ᠲᠡᠢ 79 ᠠᠵᠢᠯ ᠤᠨ ᠦᠶᠡᠯᠡᠵᠡᠯ ᠢ ᠢᠯᠭᠠᠳᠠᠭ᠃ ᠬᠠᠷᠢᠨ ᠶᠠᠫᠣᠨ᠂ ᠹᠷᠠᠨᠼᠢ᠂ ᠢᠰᠫᠠᠨᠢ ᠤᠯᠤᠰ ᠤᠳ ᠲᠤ ᠲᠡᠷᠬᠡᠦ ᠵᠤᠷᠪᠤᠰ ᠢ ᠤᠯᠠᠮ ᠨᠠᠷᠢᠰᠬᠠᠵᠤ 23 ᠦᠶᠡᠯᠡᠵᠡᠯ ᠦᠨ ᠰᠤᠪᠠᠭ ᠢ ᠢᠯᠭᠠᠳᠠᠭ᠃ ᠦᠶᠡᠯᠵᠡᠯ ᠰᠣᠯᠢᠬᠤ ᠳᠠᠷᠠᠭᠠᠯᠠᠯ ᠨᠢ ᠲᠣᠬᠢᠶᠠᠯᠳᠤᠯ ᠤᠨ ᠲᠥᠰᠲᠦ (pseudorandom) ᠪᠥᠭᠡᠳ ᠳᠠᠮᠵᠢᠭᠤᠯᠤᠭᠴᠢ᠂ ᠬᠦᠯᠢᠶᠡᠨ ᠠᠪᠤᠭᠴᠢ ᠬᠣᠶᠠᠷ ᠲᠤ ᠯᠠ ᠮᠡᠳᠡᠭᠳᠡᠳᠡᠭ᠃ ᠳᠠᠮᠵᠢᠭᠤᠯᠤᠭᠴᠢ ᠪᠠ ᠬᠦᠯᠢᠶᠡᠨ ᠠᠪᠤᠭᠴᠢ ᠨᠢ 625 mks (ᠬᠤᠭᠤᠴᠠᠭᠠᠨ ᠤ ᠨᠢᠭᠡᠨ ᠮᠥᠴᠡᠯᠭᠡ) ᠲᠤᠲᠤᠮ ᠳᠤ ᠰᠢᠨ᠎ᠡ ᠵᠥᠭᠡᠭᠡᠭᠴᠢ ᠦᠶᠡᠯᠡᠵᠡᠯ ᠳᠦ ᠬᠥᠭᠯᠡᠭᠳᠡᠳᠡᠭ᠃ ᠢᠩᠭᠢᠭᠰᠡᠨ ᠢᠢᠡᠷ ᠣᠶ᠋ᠢᠷ᠎ᠠ ᠵᠡᠷᠭᠡᠯᠡᠳᠡᠭᠡ ᠬᠡᠳᠦ ᠬᠡᠳᠦᠨ ᠳᠠᠮᠵᠢᠭᠤᠯᠤᠭᠴᠢ ᠪᠠ ᠬᠦᠯᠢᠶᠡᠨ ᠠᠪᠤᠭᠴᠢ ᠠᠵᠢᠯᠯᠠᠵᠤ ᠪᠠᠶ᠋ᠢᠪᠠᠴᠤ ᠬᠠᠷᠢᠯᠴᠠᠨ ᠰᠠᠭᠠᠳ ᠡᠭᠦᠰᠬᠡᠳᠡᠭ ᠦᠭᠡᠢ᠃ ᠠᠵᠢᠯ ᠤᠨ ᠡᠶ᠋ᠢᠮᠦ ᠭᠣᠷᠢᠮ ᠨᠢ ᠪᠠᠰᠠ ᠨᠢᠭᠤᠴᠠᠯᠠᠯ ᠬᠠᠳᠠᠭᠠᠯᠠᠬᠤ ᠲᠣᠭᠲᠠᠯᠴᠠᠭᠠᠨ ᠤ ᠨᠢᠭᠡᠨ ᠬᠡᠰᠡᠭ ᠪᠣᠯᠳᠠᠭ᠃ ᠵᠥᠭᠡᠭᠡᠭᠴᠢ ᠦᠶᠡᠯᠵᠡᠯ ‍ᠢ ᠰᠣᠯᠢᠬᠤ ᠨᠢ ᠪᠠᠰᠠ ᠲᠣᠬᠢᠶᠠᠯᠳᠤᠯ ᠤᠨ ᠲᠥᠰᠲᠦ ᠶᠠᠪᠤᠭᠳᠠᠬᠤ ᠶᠢᠨ ᠰᠠᠴᠠᠭᠤ ᠬᠣᠯᠪᠣᠯᠲᠠ ᠪᠦᠷᠢ ᠳᠦ ᠲᠤᠰ ᠲᠤ ᠨᠢ ᠲᠣᠳᠣᠷᠬᠠᠶ᠋ᠢᠯᠠᠭᠳᠠᠳᠠᠭ᠃ Bluetooth ᠫᠷᠣᠲ᠋ᠣᠻᠣᠯ ᠨᠢ "ᠴᠡᠭ ᠡᠴᠡ ᠴᠡᠭ"᠂ "ᠴᠡᠭ ᠡᠴᠡ ᠣᠯᠠᠨ ᠴᠡᠭ" ᠭᠡᠰᠡᠨ ᠬᠣᠯᠪᠣᠯᠲᠠ ᠶᠢ ᠳᠡᠮᠵᠢᠳᠡᠭ᠃ ᠲᠣᠭᠠᠨ (digital) ᠥᠭᠭᠥᠭᠳᠡᠯ ᠪᠣᠯᠤᠨ ᠳᠠᠭᠤᠨ ᠳᠣᠬᠢᠶ᠎ᠠ (ᠬᠣᠶᠠᠷ ᠴᠢᠭᠯᠡᠯ ᠳᠦ ᠪᠡᠨ 64 kbit/s) ᠳᠠᠮᠵᠢᠭᠤᠯᠬᠤ ᠳᠤ ᠻᠣᠲᠯᠠᠬᠤ ᠥᠭᠡᠷ᠎ᠡ ᠥᠭᠡᠷ᠎ᠡ ᠵᠠᠭᠪᠤᠷ ᠠᠰᠢᠭᠯᠠᠳᠠᠭ᠃ ᠳᠠᠭᠤ ᠶᠢ ᠳᠠᠪᠲᠠᠨ ᠳᠠᠮᠵᠢᠭᠤᠯᠬᠤ ᠦᠭᠡᠢ᠂ ᠬᠠᠷᠢᠨ ᠲᠣᠭᠠᠨ ᠥᠭᠭᠥᠭᠳᠡᠯ ᠦᠨ ᠪᠠᠭᠴᠠ ᠠᠯᠳᠠᠭᠳᠠᠭᠰᠠᠨ ᠲᠣᠬᠢᠶᠠᠯᠳᠤᠯ ᠳᠤ ᠳᠠᠪᠲᠠᠨ ᠳᠠᠮᠵᠢᠭᠤᠯᠳᠠᠭ᠃

ᠬᠣᠯᠪᠤᠯᠲᠠ ‍ᠢᠢᠨ ᠵᠢᠷᠤᠮ


align: top
ᠫᠷᠣᠲᠣᠻᠣᠯ ‍ᠤᠳ ‍ᠤᠨ ᠬᠠᠷᠢᠯᠴᠠᠨ ᠤᠶᠠᠯᠳᠤᠭ᠎ᠠ (ᠵᠢᠷᠤᠭ ᠳᠡᠭᠡᠷ ‍ᠡ᠋ ᠳᠠᠷᠤᠵᠤ ᠲᠣᠮᠤᠷᠠᠭᠤᠯᠤᠨ ᠬᠠᠷᠠᠨ᠎ᠠ ᠎ ᠤᠤ)


Bluetooth ᠰᠦᠯᠵᠢᠶᠡᠨ ᠦ ᠲᠧᠻᠨᠣᠯᠣᠭᠢ ᠬᠥᠳᠡᠯᠭᠡᠭᠡᠨᠳᠦ ᠲᠥᠬᠥᠭᠡᠷᠦᠮᠵᠢ ᠨᠦᠭᠦᠳ ᠢ ᠪᠣᠭᠣᠨᠢ ᠵᠠᠢ ᠳᠤ ᠤᠲᠠᠰᠤ ᠦᠭᠡᠢ ᠬᠣᠯᠪᠣᠵᠤ ᠬᠤᠪᠢ ᠢᠢᠨ ᠰᠦᠯᠵᠢᠶ᠎ᠡ (PAN) ᠡᠭᠦᠰᠬᠡᠳᠡᠭ᠃ Bluetooth ᠰᠦᠯᠵᠢᠶᠡᠨ ᠦ ᠲᠡᠶ᠋ᠢᠨ ᠪᠦᠲᠦᠴᠡ (architecture) ᠥᠪᠡᠷ ᠦᠨ ᠭᠡᠰᠡᠨ ᠪᠡᠶ᠎ᠡ ᠳᠠᠭᠠᠭᠰᠠᠨ ᠫᠷᠣᠲ᠋ᠣᠻᠣᠯ ᠤᠳ ᠠᠴᠠ ᠪᠦᠷᠢᠳᠦᠭᠰᠡᠨ ᠵᠠᠭᠪᠤᠷ ᠲᠤ ᠲᠦᠰᠢᠭᠯᠡᠬᠦ ᠠᠭᠠᠳ OSI᠂ ᠡᠰᠡᠪᠡᠯ TCP/IP ᠭᠡᠬᠦ ᠵᠡᠷᠭᠡ ᠰᠲ᠋ᠠᠨ᠍ᠳᠠᠷᠳ᠋ ᠵᠠᠭᠪᠤᠷ ᠢ ᠳᠠᠭᠠᠳᠠᠭ ᠦᠭᠡᠢ ᠪᠢᠯᠡ᠃

Bluetooth ᠳ᠋ᠡᠬᠢ ᠫᠷᠣᠲ᠋ᠣᠻᠣᠯ ᠤᠳ ᠢ ᠪᠠᠷᠢᠮᠵᠢᠶ᠎ᠠ ᠪᠠᠷ ᠹᠢᠽᠢᠻ ᠳᠠᠪᠬᠤᠷᠭ᠎ᠠ᠂ ᠥᠭᠭᠥᠭᠳᠡᠯ ᠬᠣᠯᠪᠣᠯᠲᠠ ᠶᠢᠨ ᠳᠠᠪᠬᠤᠷᠭ᠎ᠠ᠂ ᠳᠤᠮᠳᠠ ᠵᠠᠪᠰᠠᠷ ᠤᠨ ᠳᠠᠪᠬᠤᠷᠭ᠎ᠠ᠂ ᠬᠡᠷᠡᠭᠯᠡᠭᠡᠨ ᠦ ᠫᠷᠣᠭ᠌ᠷᠠᠮ ᠤᠨ ᠳᠠᠪᠬᠤᠷᠭ᠎ᠠ ᠨᠤᠭᠤᠳ ᠲᠤ ᠪᠦᠯᠦᠭᠯᠡᠳᠡᠭ᠃[3]

ᠹᠢᠽᠢᠻ ᠳᠠᠪᠬᠤᠷᠭ᠎ᠠ ᠪᠤᠶᠤ Physical Layer – ᠡᠭᠦᠨ ᠳᠦ Bluetooth ᠷᠠᠳᠢᠣ᠋ ᠪᠣᠯᠤᠨ ᠦᠨᠳᠦᠰᠦᠨ ᠵᠤᠷᠪᠤᠰ ᠫᠷᠣᠲ᠋ᠣᠻᠣᠯ ᠪᠠᠭᠳᠠᠨ᠎ᠠ᠃ ᠦᠨᠳᠦᠰᠦᠨ ᠵᠤᠷᠪᠤᠰ ᠨᠢ ᠪᠠᠰᠠ ᠥᠭᠭᠥᠭᠳᠡᠯ ᠬᠣᠯᠪᠣᠯᠲᠠ ᠶᠢᠨ ᠳᠠᠪᠬᠤᠷᠭ᠎ᠠ ᠳᠤ ᠣᠷᠣᠳᠠᠭ᠃

ᠷᠠᠳᠢᠣ᠋ ᠭᠡᠳᠡᠭ ᠨᠢ ᠷᠠᠳᠢᠣ᠋ ᠳᠣᠯᠭᠢᠶᠠᠨ ᠤ ᠹᠢᠽᠢᠻ ᠪᠦᠲᠦᠴᠡ᠂ ᠳᠣᠯᠭᠢᠶᠠᠨ ᠳᠠᠮᠵᠢᠭᠤᠯᠬᠤ ᠲᠣᠳᠣᠷᠬᠠᠶ᠋ᠢᠯᠠᠮᠵᠢ ᠨᠤᠭᠤᠳ ᠢ (specifications) ᠲᠣᠭᠲᠠᠭᠠᠳᠠᠭ ᠹᠢᠽᠢᠻ ᠳᠠᠪᠬᠤᠷᠭ᠎ᠠ ᠶᠢᠨ ᠳᠦᠢᠴᠡᠬᠦ ᠫᠷᠣᠲ᠋ᠣᠻᠣᠯ ᠶᠤᠮ᠃ ᠡᠨᠡᠬᠦ ᠫᠷᠣᠲ᠋ᠣᠻᠣᠯ ᠨᠢ ᠠᠭᠠᠷ ᠤᠨ ᠢᠨ᠍ᠲ᠋ᠧᠷᠹᠧᠢᠢᠰ᠂ ᠦᠶᠡᠯᠵᠡᠯ ᠦᠨ ᠵᠤᠷᠪᠤᠰ ᠤᠳ᠂ ᠦᠶᠡᠯᠵᠡᠯ ᠰᠣᠯᠢᠬᠤ ᠲᠣᠳᠣᠷᠬᠠᠶ᠋ᠢᠯᠠᠮᠵᠢ᠂ ᠮᠣᠳᠦ᠋ᠯᠢᠶᠠᠼ ᠤᠨ ᠠᠷᠭᠠᠴᠢᠯᠠᠯ ᠢ ᠲᠣᠭᠲᠤᠭᠠᠨ᠎ᠠ᠃

ᠦᠨᠳᠦᠰᠦᠨ ᠵᠤᠷᠪᠤᠰ ᠪᠤᠶᠤ Baseband ᠫᠷᠣᠲ᠋ᠣᠻᠣᠯ ᠨᠢ ᠷᠠᠳᠢᠣ᠋ ᠫᠷᠣᠲ᠋ᠣᠻᠣᠯ ᠤᠨ ᠦᠢᠯᠡᠴᠢᠯᠡᠭᠡ ᠶᠢ ᠠᠪᠬᠤ ᠪᠠ ᠬᠠᠶᠢᠭᠯᠠᠬᠤ ᠪᠦᠳᠦᠭᠦᠪᠴᠢ᠂ ᠪᠠᠭᠴᠠ ᠶᠢᠨ ᠬᠦᠷᠢᠶᠡᠨ ᠦ ᠹᠣᠷᠮᠠᠲ᠋᠂ ᠬᠠᠮ ᠴᠠᠭᠴᠢᠯᠠᠯ (timing)᠂ ᠴᠢᠳᠠᠯ ᠤᠨ ᠤᠳᠤᠷᠢᠳᠤᠯᠭ᠎ᠠ ᠶᠢᠨ ᠠᠯᠭ᠌ᠣᠷᠢᠲ᠋ᠮ ᠦᠳ ᠢ ᠲᠣᠳᠣᠷᠬᠠᠶ᠋ᠢᠯᠠᠳᠠᠭ᠃

ᠥᠭᠭᠥᠭᠳᠡᠯ ᠬᠣᠯᠪᠣᠯᠲᠠ ᠶᠢᠨ ᠳᠠᠪᠬᠤᠷᠭ᠎ᠠ ᠪᠤᠶᠤ Data Link Layer – ᠡᠭᠦᠨ ᠳᠦ ᠦᠨᠳᠦᠰᠦᠨ ᠵᠤᠷᠪᠤᠰ᠂ ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ (LMP)᠂ ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼ ᠤᠨ ᠫᠷᠣᠲ᠋ᠣᠻᠣᠯ (L2CAP) ᠪᠠᠭᠲᠠᠨ᠎ᠠ᠃

ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ ᠪᠤᠶᠤ Link Manager Protocol (LMP) ᠨᠢ Bluetooth ᠲᠥᠬᠥᠭᠡᠷᠦᠮᠵᠢ ᠨᠦᠭᠦᠳ ᠦᠨ ᠬᠣᠭᠣᠷᠣᠨᠳᠣ ᠯᠣᠭᠢᠻ ᠬᠣᠯᠪᠣᠯᠲᠠ ᠲᠣᠭᠲᠠᠭᠠᠵᠤ᠂ ᠬᠠᠷᠢᠯᠴᠠᠭ᠎ᠠ ᠬᠣᠯᠪᠣᠭ᠎ᠠ ᠶᠠᠪᠤᠭᠳᠠᠬᠤ ᠨᠥᠬᠥᠴᠡᠯ ᠢ ᠦᠷᠭᠦᠯᠵᠢᠯᠡᠭᠦᠯᠦᠨ ᠬᠠᠩᠭᠠᠳᠠᠭ᠃ ᠡᠨᠡᠬᠦ ᠫᠷᠣᠲ᠋ᠣᠻᠣᠯ ᠤᠨ ᠪᠠᠰᠠ ᠨᠢᠭᠡ ᠭᠣᠣᠯ ᠡᠭᠦᠷᠭᠡ ᠨᠢ ᠲᠥᠬᠦᠭᠡᠷᠦᠮᠵᠢ ᠶᠢ ᠲᠠᠨᠢᠨ ᠪᠠᠲᠤᠯᠠᠭᠠᠵᠢᠭᠤᠯᠬᠤ᠂ ᠮᠡᠳᠡᠭᠡᠯᠡᠯ ᠢ ᠨᠢᠭᠤᠴᠠᠯᠠᠨ ᠻᠣᠲᠯᠠᠬᠤ᠂ ᠪᠠᠭᠴᠠ ᠶᠢᠨ ᠬᠡᠮᠵᠢᠶ᠎ᠡ ᠶᠢ ᠬᠠᠷᠢᠯᠴᠠᠨ ᠲᠣᠬᠢᠷᠠᠯᠴᠠᠬᠤ ᠠᠵᠢᠯᠯᠠᠭ᠎ᠠ ᠶᠤᠮ᠃

ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼᠢ ᠶᠢᠨ ᠫᠷᠣᠲ᠋ᠣᠻᠣᠯ ᠪᠤᠶᠤ Logical Link Control and Adaptation Protocol (L2CAP) ᠨᠢ ᠳᠡᠭᠡᠳᠦ ᠳᠠᠪᠬᠤᠷᠭ᠎ᠠ ᠶᠢᠨ ᠬᠦᠷᠢᠶ᠎ᠡ ᠪᠣᠯᠤᠨ ᠦᠨᠳᠦᠰᠦᠨ ᠵᠤᠷᠪᠤᠰ ᠤᠨ ᠳᠠᠪᠬᠤᠷᠭ᠎ᠠ ᠶᠢᠨ ᠬᠦᠷᠢᠶᠡᠨ ᠦ ᠹᠣᠷᠮᠠᠲ ᠤᠨ ᠨᠡᠶ᠋ᠢᠴᠡᠯ ᠢ ᠲᠣᠭᠲᠠᠭᠠᠨ᠎ᠠ᠃ L2CAP ᠨᠢ ᠬᠣᠯᠪᠣᠯᠲᠠ ᠳ᠋ᠤ ᠲᠦᠰᠢᠭᠯᠡᠭᠰᠡᠨ ᠦᠢᠯᠡᠴᠢᠯᠡᠭᠡ ᠪᠣᠯᠤᠨ ᠬᠣᠯᠪᠣᠯᠲᠠ ᠦᠭᠡᠢ ᠦᠢᠯᠡᠴᠢᠯᠡᠭᠡ ᠶᠢ ᠳᠡᠮᠵᠢᠯᠭᠡ ᠪᠡᠷ ᠬᠠᠩᠭᠠᠳᠠᠭ᠃

ᠳᠤᠮᠳᠠ ᠵᠠᠪᠰᠠᠷ ᠤᠨ ᠳᠠᠪᠬᠤᠷᠭ᠎ᠠ ᠪᠤᠶᠤ Middleware Layer – ᠡᠭᠦᠨ ᠳᠦ ᠷᠠᠳᠢᠣ᠋ ᠦᠶᠡᠯᠵᠡᠯ ᠦᠨ ᠬᠣᠯᠪᠣᠭᠠᠨ ᠤ ᠫᠷᠣᠲ᠋ᠣᠻᠣᠯ (RFComm)᠂ ᠵᠢᠭᠡᠯᠡᠳᠦᠮᠡᠯ ᠫᠷᠣᠲ᠋ᠣᠻᠣᠯ᠂ SDP ᠪᠣᠯᠤᠨ AT ᠻᠣᠮᠠᠨ᠍ᠳ᠋ ᠤᠳ ᠪᠠᠭᠲᠠᠨ᠎ᠠ᠃

RFComm ᠭᠡᠳᠡᠭ ᠨᠢ Radio Frontend Component ᠭᠡᠰᠡᠨ ᠲᠣᠪᠴᠢᠯᠠᠯ ᠪᠢᠯᠡ᠃ ᠡᠨᠡ ᠫᠷᠣᠲ᠋ᠣᠻᠣᠯ ᠨᠢ ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ ᠲᠠᠢ (WAP) ᠴᠤᠪᠤᠭ᠎ᠠ (serial) ᠢᠨ᠍ᠲ᠋ᠧᠷᠹᠧᠢᠢᠰ ᠲᠣᠭᠲᠠᠭᠠᠳᠠᠭ᠃

ᠵᠢᠭᠡᠯᠡᠳᠦᠮᠡᠯ ᠫᠷᠣᠲ᠋ᠣᠻᠣᠯ ᠪᠤᠶᠤ Adopted Protocols ᠨᠢ ᠪᠤᠰᠤᠳ ᠨᠡᠶ᠋ᠢᠲᠡᠯᠢᠭ ᠵᠠᠭᠪᠤᠷ ᠠᠴᠠ ᠵᠢᠭᠡᠯᠡᠳᠦᠭᠰᠡᠨ ᠫᠷᠣᠲ᠋ᠣᠻᠣᠯ ᠤᠳ ᠶᠤᠮ᠃ Bluetooth ᠬᠣᠯᠪᠣᠭᠠᠨ ᠳᠤ ᠲᠦᠭᠡᠮᠡᠯ ᠵᠢᠭᠡᠯᠡᠳᠳᠡᠭ ᠫᠷᠣᠲ᠋ᠣᠻᠣᠯ ᠤᠳ ᠨᠢ ᠴᠡᠭ ᠡᠴᠡ ᠴᠡᠭ ᠫᠷᠣᠲ᠋ᠣᠻᠣᠯ (PPP)᠂ ᠢᠨ᠍ᠲ᠋ᠧᠷᠨᠧᠲ ᠫᠷᠣᠲ᠋ᠣᠻᠣᠯ (IP)᠂ ᠬᠡᠷᠡᠭᠯᠡᠭᠴᠢ ᠶᠢᠨ ᠥᠭᠭᠥᠭᠳᠡᠯ ᠪᠢᠴᠢᠯᠭᠡ ᠶᠢᠨ ᠫᠷᠣᠲ᠋ᠣᠻᠣᠯ (UDP)᠂ ᠳᠠᠮᠵᠢᠭᠤᠯᠤᠯᠲᠠ ᠬᠢᠨᠠᠯᠲᠠ ᠶᠢᠨ ᠫᠷᠣᠲ᠋ᠣᠻᠣᠯ (TCP)᠂ ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ (WAP) ᠶᠤᠮ᠃

ᠦᠢᠯᠡᠴᠢᠯᠡᠭᠡ ᠢᠯᠡᠷᠡᠭᠦᠯᠬᠦ ᠫᠷᠣᠲ᠋ᠣᠻᠣᠯ (SDP) ᠨᠢ ᠲᠥᠬᠥᠭᠡᠷᠦᠮᠵᠢ ᠶᠢᠨ ᠮᠡᠳᠡᠭᠡᠯᠡᠯ ᠭᠡᠬᠦ ᠮᠡᠲᠦ ᠦᠢᠯᠡᠴᠢᠯᠡᠭᠡ ᠲᠡᠢ ᠬᠣᠯᠪᠣᠭ᠎ᠠ ᠲᠠᠢ ᠯᠠᠪᠯᠠᠭᠠᠭ᠎ᠠ ᠶᠢ (queries) ᠵᠣᠬᠢᠴᠠᠭᠤᠯᠵᠤ᠂ ᠥᠷᠢᠰᠦᠯᠳᠦᠨ ᠪᠤᠢ Bluetooth ᠲᠥᠬᠥᠭᠡᠷᠦᠮᠵᠢ ᠨᠦᠭᠦᠳ ᠦᠨ ᠬᠣᠭᠣᠷᠣᠨᠳᠣ ᠬᠣᠯᠪᠣᠯᠲᠠ ᠲᠣᠭᠲᠠᠭᠠᠬᠤ ᠨᠥᠬᠥᠴᠡᠯ ᠢ ᠬᠠᠩᠭᠠᠳᠠᠭ᠃

AT Commands ᠭᠡᠳᠡᠭ ATtention ᠻᠣᠮᠠᠨ᠍ᠳ᠋ ᠤᠨ ᠪᠠᠭᠴᠠ ᠶᠤᠮ᠃

ᠬᠡᠷᠡᠭᠯᠡᠭᠡᠨ ᠦ ᠫᠷᠣᠭ᠌ᠷᠠᠮ ᠤᠨ ᠳᠠᠪᠬᠤᠷᠭ᠎ᠠ ᠨᠢ ᠬᠡᠷᠡᠭᠯᠡᠭᠴᠢ Bluetooth ᠍ ᠤᠨ ᠬᠡᠷᠡᠭᠯᠡᠭᠡᠨ ᠦ ᠫᠷᠣᠭ᠌ᠷᠠᠮ ᠲᠠᠢ ᠬᠠᠷᠢᠴᠠᠬᠤ ᠪᠣᠯᠤᠮᠵᠢ ᠶᠢ ᠪᠦᠷᠢᠳᠦᠭᠦᠯᠬᠦ ᠬᠡᠷᠡᠭᠯᠡᠭᠡᠨ ᠦ ᠫᠷᠣᠭ᠌ᠷᠠᠮ ᠤᠨ ᠲᠣᠳᠣᠷᠬᠠᠶ᠋ᠢᠯᠠᠯᠲᠠ ᠮᠡᠳᠡᠭᠡᠯᠡᠯ ᠢ ᠠᠭᠤᠯᠠᠳᠠᠭ᠃[3]

ᠨᠡᠷ᠎ᠡ ᠲᠣᠮᠢᠶᠠᠯᠠᠯ



ᠡᠬᠢ ᠰᠤᠷᠪᠤᠯᠵᠢ

  1. Soltanian A., Van Dyck R.E. Performance of the Bluetooth system in fading dispersive channelsand interference // IEEE Global Telecommunications Conference, 2001. https://ieeexplore.ieee.org/document/966332/?arnumber=966332
  2. Katie Terrell Hanna, John Burke, Nemertes Research. Frequency-Hopping Spread Spectrum (FHSS). TechTarget 2021/07. https://www.techtarget.com/searchnetworking/definition/frequency-hopping-spread-spectrum
  3. 3.0 3.1 The Bluetooth Protocol Architecture. Tutorialspoint. ᠬᠠᠨᠳᠤᠭᠰᠠᠨ 2023/01/13.https://www.tutorialspoint.com/the-bluetooth-protocol-architecture