Ньютоны хөдөлгөөний хуулиуд
ᠨᠢᠶᠦ᠋ᠲ᠋ᠦᠨ ᠤ ᠬᠥᠳᠡᠯᠭᠡᠭᠡᠨ ᠤ ᠬᠠᠤᠯᠢ ᠨᠤᠭᠤᠳ
ᠨᠢᠶᠦ᠋ᠲ᠋ᠤᠨ ᠤ ᠬᠥᠳᠡᠯᠭᠡᠭᠡᠨ ᠊ᠦ ᠬᠠᠤᠯᠢ ᠨᠤᠭᠤᠳ ᠰᠣᠩᠭᠤᠳᠠᠭ ᠮᠸᠬᠠᠨᠢᠭ ᠤᠨ ᠬᠠᠮᠤᠭ ᠤᠨ ᠴᠢᠬᠤᠯᠠ ᠬᠠᠤᠯᠢ ᠪᠢᠯᠡ᠃ ᠠᠩᠬ᠎ᠠ ᠢᠰᠠᠻ ᠨᠢᠶᠦ᠋ᠲ᠋ᠤᠨ asaac Newton 1687 ᠣᠨ ᠳ᠋ᠤ 《ᠪᠠᠢᠢᠭᠠᠯᠢ ᠶ᠋ᠢᠨ ᠭᠦᠨ ᠤᠬᠠᠭᠠᠨ ᠤ ᠮᠠᠲ᠋ᠸᠮᠠᠲ᠋ᠢᠭ ᠵᠠᠷᠴᠢᠮ ᠤᠳ》 (ᠯᠠᠲ᠋ᠢᠨ Philosophiæ Naturalis Principia Mathematica) ᠪᠦᠷᠦᠭᠡᠯ ᠳ᠋ᠦ ᠪᠡᠨ ᠨᠡᠢᠢᠲᠡᠯᠡᠭᠰᠡᠨ ᠪᠠᠢᠢᠳᠠᠭ
ᠨᠢᠶᠦ᠋ᠲ᠋ᠤᠨ ᠤ ᠨᠢᠭᠡᠳᠦᠭᠡᠷ ᠬᠠᠤᠯᠢ

ᠵᠣᠭᠣᠰ ᠲᠤ ᠬᠦᠴᠦ ᠦᠢᠯᠡᠴᠢᠯᠡᠭᠡᠳᠦᠢ ᠲᠤᠯᠠ
(ᠦᠷᠡᠯᠲᠡ ᠦᠯᠦ ᠲᠣᠭᠠᠴᠠᠮ ᠪᠠᠭ ᠠ᠋)
ᠵᠣᠭᠣᠰ ᠪᠠᠢᠢᠷᠢᠨ ᠳ᠋ᠤ ᠪᠠᠨ ᠦᠯᠡᠳᠡᠵᠦ᠂
ᠠᠶᠠᠭ ᠊ᠠ᠋ ᠤᠷᠤᠭᠤ ᠤᠨᠠᠨ ᠊ᠠ᠋
ᠵᠢᠭᠳᠡ ᠬᠥᠳᠡᠯᠭᠡᠭᠡᠨ ᠊ᠦ ᠲᠥᠯᠥᠪ ᠲᠦ ᠪᠤᠢ ᠠᠯᠢᠪᠠ ᠪᠡᠶᠡᠲᠦ ᠳ᠋ᠦ ᠭᠠᠳᠠᠭᠠᠳᠤ ᠬᠦᠴᠦ ᠪᠡᠷ ᠦᠢᠯᠡᠴᠢᠯᠡᠭᠡᠳᠦᠢ ᠨᠥᠬᠦᠴᠡᠯ ᠳ᠋ᠦ ᠬᠥᠳᠡᠯᠭᠡᠭᠡᠨ ᠤ ᠲᠡᠷᠡ ᠯᠡ ᠲᠥᠯᠥᠪ ᠲᠡᠭᠡᠨ ᠣᠷᠣᠰᠢᠨ᠎ᠠ᠃[1] ᠨᠢᠶᠦ᠋ᠲ᠋ᠤᠨ ᠤ ᠨᠢᠭᠡᠳᠦᠭᠡᠷ ᠬᠠᠦᠯᠢ ᠶ᠋ᠢ ᠮᠥᠨ ᠢᠨᠧᠷᠼᠢ inertia ᠶ᠋ᠢᠨ ᠬᠠᠤᠯᠢ ᠭᠡᠳᠡᠭ᠃
ᠨᠢᠶᠦ᠋ᠲ᠋ᠤᠨ ᠤ ᠬᠤᠶᠠᠳᠤᠭᠠᠷ ᠬᠠᠤᠯᠢ
ᠠᠯᠢᠪᠠ
ᠬᠠᠤᠯᠢ
ᠪᠡᠶᠡᠲᠦ ᠳ᠋ᠦ ᠭᠠᠳᠠᠭᠠᠳᠤ ᠬᠦᠴᠦᠨ ᠤ ᠦᠢᠯᠡᠴᠢᠯᠡᠯ ᠶ᠋ᠢᠡᠷ ᠡᠭᠦᠰᠦᠭᠰᠡᠨ ᠬᠤᠷᠳᠤᠳᠬᠠᠯ ᠨᠢ ᠦᠢᠯᠡᠴᠢᠯᠡᠵᠦ ᠪᠤᠢ ᠬᠦᠴᠦ ᠲᠠᠢ ᠠᠳᠠᠯᠢ ᠴᠢᠭ᠌ ᠲᠡᠢ ᠪᠦᠭᠡᠳ ᠰᠢᠭᠤᠳ ᠬᠠᠮᠢᠶᠠᠷᠤᠯᠲᠠᠢ᠂ ᠬᠠᠷᠢᠨ ᠪᠡᠶᠡᠲᠦ ᠶ᠋ᠢᠨ ᠮᠠᠰ ᠲᠠᠢ ᠤᠷᠪᠠᠭᠤ ᠬᠠᠮᠢᠶᠠᠷᠤᠯᠲᠠᠢ ᠪᠠᠢᠢᠨ᠎ᠠ᠃ [2]
F(t) = ma(t)
ᠬᠣᠶᠠᠳᠤᠭᠠᠷ ᠬᠠᠤᠯᠢ ᠨᠢ ᠨᠢᠭᠡᠳᠦᠭᠡᠷ ᠬᠠᠤᠯᠢ ᠪᠠᠨ ᠥᠪᠡᠷ ᠲᠠᠭᠡᠨ ᠠᠭᠤᠯᠳᠠᠭ᠃ ᠦᠢᠯᠡᠴᠢᠯᠡᠵᠦ ᠪᠠᠢᠢᠭ᠎ᠠ ᠬᠦᠴᠦ ᠲᠡᠭ (0) ᠲᠡᠢ ᠲᠡᠩᠴᠡᠭᠦᠦ ᠦᠶ᠎ᠠ ᠳ᠋ᠦ ᠬᠤᠷᠳᠤᠳᠬᠠᠯ ᠲᠡᠭ (0) ᠪᠠᠢᠢᠬᠤ ᠲᠤᠯᠡ ᠵᠢᠭᠳᠡ ᠬᠤᠷᠳᠤᠲᠠᠢ ᠬᠥᠳᠡᠯᠭᠡᠭᠡᠨ ᠤ ᠲᠥᠯᠥᠪ ᠲᠡᠭᠡᠨ ᠬᠡᠪ ᠶ᠋ᠢᠡᠷ ᠣᠷᠣᠰᠢᠨ᠎ᠠ᠃
ᠨᠢᠶᠦ᠋ᠲ᠋ᠤᠨ ᠤ ᠭᠤᠷᠪᠠᠳᠤᠭᠠᠷ ᠬᠠᠤᠯᠢ

ᠬᠠᠤᠯᠢ
ᠠᠯᠢᠪᠠ ᠦᠢᠯᠡᠴᠢᠯᠡᠯ ᠳ᠋ᠤ ᠶᠠᠭ ᠲᠡᠩᠴᠡᠭᠦᠦ ᠡᠰᠡᠷᠭᠦ ᠦᠢᠯᠡᠴᠢᠯᠡᠯ ᠦᠢᠯᠡᠴᠢᠯᠡᠳᠡᠭ᠌᠃
F = -F
ᠭᠤᠷᠪᠠᠳᠤᠭᠠᠷ ᠬᠠᠤᠯᠢ ᠨᠢ ᠢᠮᠫᠦ᠋ᠯᠰmomentum ᠬᠠᠳᠠᠭᠠᠯᠠᠭᠳᠠᠬᠤ ᠤᠳᠬ᠎ᠠ ᠶ᠋ᠢ ᠠᠭᠤᠯᠳᠠᠭ᠃ [3] ᠨᠢᠶᠦ᠋ᠲ᠋ᠤᠨ ᠤ ᠬᠥᠳᠡᠯᠭᠡᠭᠡᠨ ᠊ᠦ ᠬᠠᠤᠯᠢ ᠶ᠋ᠢᠨ f = ma ᠭᠡᠬᠦ ᠡᠨᠡ ᠨᠡᠩ ᠡᠩ ᠦ᠋ᠨ ᠲᠡᠭᠰᠢᠳᠬᠡᠯ ᠳ᠋ᠦ ᠰᠣᠩᠭᠤᠳᠠᠭ ᠹᠢᠽᠢᠻ ᠦ᠋ᠨ ᠰᠢᠩᠵᠢᠯᠡᠬᠦ ᠤᠬᠠᠭᠠᠨ ᠤ ᠪᠦᠬᠦᠢᠢᠯᠡ ᠴᠣᠭᠴᠠ ᠰᠠᠭᠤᠷᠢᠯᠠᠭᠰᠠᠨ ᠪᠢᠯᠡ᠃
ᠲᠦᠯᠬᠢᠭᠦᠷ ᠦᠭᠡᠰ
Newton’s laws of motion
Законы Ньютона
ᠡᠬᠢ ᠰᠤᠷᠪᠤᠯᠵᠢ