Калашниковын автомат

Wikibilig-с
09:13, 5 Арванхоёрдугаар сар 2019-ий байдлаарх Niislel Niisleliinhen (яриа | оруулсан хувь нэмэр) хэрэглэгчийн хийсэн залруулга

ᠻᠠᠯᠠᠱᠨᠢᠻᠣᠹ ᠊ᠤᠨ ᠠᠦ᠋ᠲ᠋ᠣᠮᠠᠲ

1947
ᠣᠨ ᠊ᠤ
ᠵᠠᠭᠪᠤᠷ ᠊ᠤᠨ
AK-47

《ᠠᠻᠠ》 (АК) ᠪᠤᠶᠤ ᠻᠠᠯᠠᠱᠨᠢᠻᠣᠹ ᠊ᠤᠨ ᠠᠦ᠋ᠲᠣᠮᠠᠲ ᠠᠨᠤ ᠵᠥᠪᠯᠡᠯᠲᠦ ᠬᠣᠯᠪᠤᠭᠠᠲᠤ ᠤᠯᠤᠰ ᠲᠤᠷ ᠪᠦᠲᠭᠡᠭᠳᠡᠭᠰᠡᠨ 7.62 ᠮᠢᠯᠢᠮᠧᠲ᠋ᠧᠷ ᠊ᠦᠨ ᠪᠤᠤᠳᠠᠯᠭ᠎ ᠊ᠠ᠋ ᠊ᠢᠢᠨ ᠵᠡᠪᠰᠡᠭ᠃ ᠵᠥᠪᠯᠡᠯᠲᠦ ᠬᠣᠯᠪᠤᠭᠠᠲᠤ ᠤᠯᠤᠰ ᠊ᠤᠨ ᠵᠡᠪᠰᠡᠭᠯᠡᠯ ᠊ᠳᠤᠷ 1949 ᠣᠨ ᠡᠴᠡ ᠡᠬᠢᠯᠡᠨ ᠬᠡᠷᠡᠭᠯᠡᠭᠳᠡᠬᠦ ᠪᠣᠯᠣᠭᠰᠠᠨ᠃ ᠲᠤᠰ ᠪᠤᠤᠳᠠᠯᠭ᠎ ᠊ᠠ᠋ ᠊ᠢᠢᠨ ᠵᠡᠪᠰᠡᠭ ᠊ᠢ ᠮ᠂ ᠲ᠂ ᠻᠠᠯᠠᠱᠨᠥᠻᠣᠹ 1947 ᠣᠨ ᠊ᠳᠤᠷ ᠵᠣᠬᠢᠶᠠᠨ ᠪᠦᠲᠦᠭᠡᠭᠰᠡᠨ᠃ ᠻᠠᠯᠠᠱᠨᠢᠻᠣᠹ ᠊ᠤᠨ ᠠᠦ᠋ᠲᠣᠮᠠᠲ᠂ ᠲᠡᠭᠦᠨ ᠊ᠦ ᠬᠤᠪᠢᠯᠪᠤᠷᠢ ᠨᠤᠭᠤᠳ ᠬᠠᠮᠤᠭ ᠊ᠤᠨ ᠲᠦᠭᠡᠭᠡᠮᠡᠯ ᠪᠤᠤᠳᠠᠯᠭ᠎ ᠊ᠠ᠋ ᠵᠡᠪᠰᠡᠭ ᠭᠡᠵᠦ ᠦᠵᠡᠳᠡᠭ ᠪᠠᠢᠢᠨ᠎ ᠊ᠠ᠋᠃ ᠪᠦᠲᠦᠭᠡᠭᠰᠡᠨ ᠡᠴᠡ ᠬᠣᠢᠢᠰᠢᠬᠢ 60 ᠵᠢᠯ ᠊ᠳᠦᠷ 70 ᠰᠠᠶ ᠊ᠠ᠋ ᠦᠢᠯᠡᠳᠪᠦᠷᠢᠯᠡᠭᠳᠡᠵᠦ ᠭᠠᠷᠤᠵᠤᠬᠤᠢ᠃ ᠡᠳᠦᠭᠡ 50 ᠭᠠᠷᠤᠢ ᠤᠯᠤᠰ ᠊ᠤᠨ ᠵᠡᠰᠡᠭᠯᠡᠯ ᠊ᠳᠦᠷ ᠪᠠᠢᠢᠨ᠎ ᠊ᠠ᠋ [1]᠃ ᠻᠠᠯᠠᠱᠨᠢᠻᠣᠹ ᠊ᠤᠨ 7.62 ᠮᠢᠯᠢᠮᠧᠲ᠋ᠧᠷ ᠊ᠦᠨ ᠠᠦ᠋ᠲ᠋ᠮᠠᠲ ᠊ᠤᠨ ᠰᠠᠭᠤᠷᠢ ᠳᠡᠭᠡᠷ ‍ᠡ᠋ ᠪᠠᠢᠢᠯᠳᠤᠭᠠᠨ ᠊ᠤ ᠪᠣᠯᠣᠨ ᠢᠷᠭᠡᠨ ᠊ᠦ ᠣᠯᠠᠨ ᠥᠭᠡᠷ ᠊ᠡ᠋᠋ ᠻᠠᠯᠢᠪᠷ ᠲᠠᠢ ᠪᠤᠤᠳᠠᠯᠭ᠎ ᠊ᠠ᠋ ‍ᠢᠢᠨ ᠵᠡᠪᠰᠡᠭ ᠭᠠᠷᠤᠭᠰᠠᠨ᠃ ᠲᠡᠳᠡᠭᠡᠷ ᠊ᠦᠨ ᠳᠣᠲᠤᠷ ᠊ᠠ᠋᠋ ᠂ АКМ ᠬᠢᠭᠡᠳ АК-74᠂ ᠲᠡᠳᠡᠭᠡᠷ ᠊ᠦᠨ ᠬᠤᠪᠢᠯᠪᠦᠷᠢ ᠨᠤᠭᠤᠳ᠂ ᠻᠠᠯᠠᠱᠨᠢᠻᠣᠹ ᠊ᠤᠨ ᠭᠠᠷ ᠊ᠠ᠋ ᠫᠦᠯᠧᠮᠧᠲ᠂ ᠻᠠᠷᠠᠪᠢᠨ᠎᠂ ᠭᠥᠯᠢᠭᠡᠷ ᠭᠣᠣᠯᠲᠤ «Сайга» ᠪᠤᠤ ᠬᠢᠭᠳᠡᠭᠰᠡᠨ᠃ ᠣᠷᠣᠰ ᠊ᠤᠨ ᠬᠣᠯᠪᠤᠭᠠᠨ ᠊ᠤ ᠤᠯᠤᠰ ᠊ᠤᠨ ᠵᠡᠪᠰᠡᠭᠯᠡᠯ ᠪᠣᠯᠣᠨ ᠬᠠᠳᠠᠭᠠᠯᠠᠯᠲᠠ ᠊ᠳᠠᠬᠢ ᠪᠦᠬᠢ ᠲᠥᠷᠥᠯ ᠊ᠦᠨ ᠻᠠᠯᠠᠱᠨᠢᠻᠣᠹ ᠊ᠤᠨ ᠠᠦ᠋ᠲ᠋ᠣᠮᠠᠲ ᠊ᠤᠨ ᠨᠡᠢᠢᠲᠡ ᠲᠣᠭ᠎ ᠊ᠠ᠋ 2013 ᠣᠨ ᠊ᠳᠤᠷ 17 ᠰᠠᠶ ᠊ᠠ᠋ ᠨᠢᠭᠡᠵᠢ ᠲᠣᠭᠠᠯᠠᠭᠳᠠᠵᠤ ᠪᠠᠢᠢᠵᠡᠢ [2]

ᠠᠩᠭᠢ ᠮᠧᠻᠠᠨᠢᠰᠮ ᠊ᠤᠳ

AK-47 ᠊ᠢᠢᠨ
ᠲᠣᠩᠭᠤᠷᠠᠭ
ᠵᠢᠳᠠ

ᠠᠦ᠋ᠲ᠋ᠣᠮᠠᠲ ᠳᠣᠣᠷᠠᠬᠢ ᠦᠨᠳᠦᠰᠦᠨ ᠠᠩᠭᠢ ᠮᠧᠻᠠᠨᠢᠰᠮ᠊ᠤᠳ ᠡᠴᠡ ᠪᠦᠷᠢᠳᠦᠨ᠎ ᠊ᠡ᠋᠃ ᠡᠭᠦᠨ ᠊ᠳᠦᠷ᠄ - ᠭᠣᠯᠣ ᠲᠡᠮᠦᠷ ᠊ᠤᠨ ᠬᠠᠶᠢᠷᠴᠠᠭ᠂ - ᠬᠠᠷ ᠊ᠠ᠋ ᠬᠡᠷᠡᠭᠰᠡᠯ᠂ ᠮᠥᠷᠢᠯᠦᠭᠴᠢ᠂ ᠪᠦᠬᠦᠢ ᠭᠣᠣᠯ ᠲᠡᠮᠦᠷ - ᠬᠠᠶᠢᠷᠴᠠᠭ ᠠᠩᠬᠢ ᠊ᠢᠢᠨ ᠲᠠᠭᠯᠠᠭ᠎ᠠ - ᠵᠠᠮᠠᠭ ᠊ᠤᠨ ᠷᠠᠮ - ᠵᠠᠮᠠᠭ - ᠪᠤᠴᠠᠭᠠᠬᠤ ᠮᠧᡘᠠᠨᠢᠰᠮ - ᠭᠣᠯᠣ ᠲᠡᠮᠦᠷ ᠊ᠤᠨ ᠨᠢᠷᠤᠭᠤᠪᠴᠢ ᠪᠦᠬᠦᠢ ᠭᠠᠷ ᠤᠨ ᠶᠠᠨᠳᠠᠩ - ᠴᠤᠬᠢᠬᠤ ᠪᠠᠭᠤᠯᠭᠠᠬᠤ ᠮᠧᡘᠠᠨᠢᠰᠮ - ᠣᠩᠭᠣᠴᠠ ᠮᠣᠳᠣ - ᠮᠠᠭᠠᠽᠢᠨ - ᠵᠢᠳᠠᠨ ᠬᠢᠲᠤᠭ᠎ᠠ ᠠᠦ᠋ᠲ᠋ᠣᠮᠠᠲ ᠤᠨ ᠢᠵᠢ ᠪᠦᠷᠢᠳᠦᠯ ᠊ᠳᠤᠷ ᠠᠷᠴᠢᠬᠤ ᠬᠡᠷᠡᠭᠰᠡᠯ᠂ ᠣᠭᠣᠰᠣᠷ᠂ ᠮᠠᠭᠠᠽᠢᠨ ᠊ᠤ ᠭᠡᠷ ᠣᠷᠣᠨ᠎ᠠ᠃ ᠠᠦ᠋ᠲ᠋ᠣᠮᠠᠲ ᠤᠨ ᠠᠦ᠋ᠲ᠋ᠣᠮᠠᠲ ᠠᠵᠢᠯᠯᠠᠭ ᠊ᠠ᠋ ᠨᠢ ᠭᠣᠣᠯ ᠲᠡᠮᠦᠷ ᠊ᠤᠨ ᠰᠤᠪᠠᠭ ᠠᠴᠠ ᠭᠠᠷᠴᠤ ᠪᠠᠶᠢᠭ ᠊ᠠ᠋ ᠳ᠋ᠠᠷ ᠊ᠠ᠋ ᠊ᠢᠢᠨ ᠬᠡᠢ ᠊ᠢᠢᠨ ᠡᠨᠧᠷᠭᠢ ᠊ᠶᠢ ᠬᠡᠢ ᠊ᠢᠢᠨ ᠻᠠᠮᠧᠷ ᠲᠤ ᠥᠭᠴᠦ ᠤᠯᠠᠮ ᠢᠶᠠᠷ ᠭᠠᠰ ᠤᠨ ᠪᠦᠯᠢᠭᠦᠷ ᠲᠦ ᠦᠢᠯᠡᠴᠢᠯᠡᠭᠰᠡᠨ ᠢᠶᠡᠷ ᠬᠥᠳᠡᠯᠭᠡᠭᠡᠨ ᠊ᠳᠤᠷ ᠠᠩᠭᠢ ᠊ᠶᠢ ᠭᠡᠳᠡᠷᠭᠦ ᠤᠬᠤᠷᠢᠭᠠᠬᠤ ᠵᠠᠷᠴᠢᠮ ᠳᠡᠭᠡᠷ ᠊ᠡ᠋ ᠦᠨᠳᠦᠰᠦᠯᠡᠭᠳᠡᠨ᠎ᠡ᠃ ᠪᠤᠤᠳᠠᠯᠭ ᠊ᠠ᠋ ᠊ᠢᠢᠨ ᠦᠶ ᠊ᠡ᠋ ᠊ᠳᠤᠷ ᠰᠤᠮᠤᠨ ᠊ᠤ ᠬᠣᠰᠢᠭᠤᠨ ᠊ᠤ ᠠᠷᠤ ᠠᠴᠠ ᠦᠢᠯᠡᠴᠢᠯᠡᠬᠦ ᠳ᠋ᠠᠷ ᠊ᠠ᠋ ᠊ᠢᠢᠨ ᠬᠡᠢ ᠢᠨᠦ ᠬᠡᠢ ᠊ᠢᠢᠨ ᠻᠠᠮᠧᠷ ᠲᠤ ᠣᠷᠣᠵᠤ ᠪᠦᠯᠢᠭᠦᠷ ᠳᠡᠭᠡᠷ ᠊ᠡ᠋ ᠳᠠᠷᠤᠭᠰᠠᠨ ᠢᠶᠠᠷ ᠵᠠᠮᠠᠭ᠂ ᠵᠠᠮᠠᠭ ᠤᠨ ᠷᠠᠮ ᠭᠡᠳᠡᠷᠭᠦ ᠤᠬᠤᠷᠢᠨ ᠭᠣᠣᠯ ᠲᠡᠮᠦᠷ ᠊ᠤᠨ ᠰᠤᠪᠠᠭ ᠢ ᠨᠡᠭᠡᠭᠡᠨ᠂ ᠬᠣᠩᠭᠢᠶ ᠊ᠠ᠋ ᠊ᠶᠢ ᠠᠪᠴᠤ᠂ ᠴᠢᠪᠬ ᠊ᠠ᠋ ᠰᠣᠶᠢᠨ ᠪᠤᠴᠠᠭᠠᠬᠤ ᠮᠧᡘᠠᠨᠢᠰᠮ ᠤᠨ ᠫᠦᠷᠱ ᠢ ᠰᠢᠬᠠᠨ ᠬᠣᠶᠢᠲᠤ ᠪᠠᠶᠢᠳᠠᠯ ᠳᠤ ᠣᠴᠢᠨ᠎ᠠ᠃ ᠮᠠᠭᠠᠽᠢᠨ ᠊ᠤ ᠡᠭᠡᠯᠵᠢ ᠊ᠢᠢᠨ ᠰᠤᠮᠤ ᠫᠦᠷᠱᠢᠨ ᠦ ᠦᠢᠯᠡᠴᠢᠯᠡᠯ ᠢᠶᠡᠷ ᠳᠡᠭᠡᠭᠰᠢ ᠡᠷᠭᠦᠭᠳᠡᠨ᠎ᠡ᠃ ᠵᠠᠮᠤᠭ ᠪᠦᠬᠦᠢ ᠵᠠᠮᠠᠭ ᠤᠨ ᠷᠠᠮ ᠪᠤᠴᠠᠭᠠᠬᠤ ᠮᠧᡘᠠᠨᠢᠰᠮ ᠤᠨ ᠦᠢᠯᠡᠴᠢᠯᠡᠯ ᠢᠶᠡᠷ ᠤᠷᠤᠭᠰᠢᠯᠠᠬᠤ ᠳᠤ ᠪᠠᠨ ᠰᠤᠮᠤ ᠊ᠶᠢ ᠰᠤᠮᠤ ᠊ᠢᠢᠨ ᠪᠠᠶᠢᠷᠢᠨ ᠳᠤ ᠣᠷᠣᠭᠤᠯᠵᠤ ᠵᠠᠮᠠᠭ ᠪᠠᠷᠠᠭᠤᠨ ᠲᠡᠶᠢᠰᠢ ᠡᠷᠭᠢᠵᠦ ᠪᠠᠶᠢᠯᠳᠤᠭᠠᠨ ᠊ᠤ ᠲᠥᠪᠥᠭᠡᠷ᠎ᠡ ᠨᠦᠭᠦᠳ ᠢᠶᠡᠷ ᠢᠶᠡᠨ ᠬᠠᠶᠢᠷᠴᠠᠭ ᠠᠩᠬᠢ ᠊ᠢᠢᠨ ᠪᠠᠶᠢᠯᠳᠤᠭᠠᠨ ᠊ᠤ ᠲᠤᠯᠭᠠᠭᠤᠷ ᠤᠳ ᠢ ᠴᠠᠭᠠᠭᠤᠷ ᠣᠷᠣᠵᠤ ᠭᠣᠣᠯ ᠲᠡᠮᠦᠷ ᠊ᠤᠨ ᠰᠤᠪᠠᠭ ᠢ ᠨᠢᠭᠲᠠ ᠬᠠᠮᠢᠭ᠎ᠠ᠃ ᠬᠡᠷᠪᠡ ᠳᠠᠮᠵᠢᠭᠤᠯᠤᠭᠴᠢ ᠬᠠᠮᠠᠭᠠᠯᠠᠭᠴᠢ ᠊ᠢᠢᠨ ᠠᠦ᠋ᠲ᠋ᠣᠮᠠᠲ ᠭᠠᠯ ᠳᠡᠭᠡᠷ ᠊ᠡ᠋ ᠲᠠᠯᠪᠢᠭᠰᠠᠨ ᠪᠣᠯ ᠭᠣᠬ ᠊ᠠ᠋ ᠊ᠶᠢ ᠴᠢᠯᠦᠭᠡᠯᠡᠲᠡᠯ ᠊ᠡ᠋ ᠪᠤᠤᠳᠠᠯᠭ ᠊ᠠ᠋ ᠡᠭᠡᠯᠵᠢ ᠪᠡᠷ ᠦᠷᠭᠦᠯᠵᠢᠯᠡᠬᠦ ᠪᠥᠭᠡᠳ ᠨᠢᠭᠡ ᠊ᠢᠢᠨ ᠭᠠᠯ ᠳᠡᠭᠡᠷ ᠊ᠡ᠋ ᠲᠠᠯᠪᠢᠭᠰᠠᠨ ᠪᠣᠯ ᠭᠣᠬ ᠊ᠠ᠋ ᠳᠠᠷᠤᠬᠤ ᠳᠤ ᠪᠡᠯᠡᠨ ᠪᠣᠯᠣᠨ᠎ ᠊ᠠ᠋ ᠃ ᠳᠠᠬᠢᠨ ᠫᠤᠤᠳᠠᠬᠤ ᠊ᠢᠢᠨ ᠲᠤᠯᠠᠳᠠ ᠭᠣᠬ ᠊ᠠ᠋ ᠊ᠶᠢ ᠴᠢᠯᠦᠭᠡᠯᠡᠵᠦ ᠳᠠᠬᠢᠨ ᠳᠠᠷᠤᠬᠤ ᠬᠡᠷᠡᠭᠲᠡᠢ [3]

ᠰᠤᠮᠤ

АК47 ᠊ᠳᠤᠷ 1943 ᠣᠨ ᠊ᠳᠤᠷ ᠵᠣᠬᠢᠶᠠᠭᠰᠠᠨ 7.62х39 ᠵᠠᠭᠪᠤᠷ ᠊ᠤᠨ ᠰᠤᠮᠤ᠂ Т-45 ᠭᠡᠷᠡᠯᠲᠦ ᠨᠣᠭᠤᠭᠠᠨ ᠬᠣᠰᠢᠭᠤ ᠲᠠᠢ ᠰᠤᠮᠤ᠂ ᠬᠤᠶᠠᠭ ᠨᠡᠪᠲᠡᠯᠡᠭᠴᠢ ᠣᠯᠠᠭᠠᠨ ᠬᠠᠷ ᠊ᠠ᠋ ᠬᠣᠰᠢᠭᠤ ᠲᠠᠢ БЗ ᠰᠤᠮᠤ᠂ ᠬᠡᠭᠡᠷ ᠊ᠡ᠋᠋ ᠰᠤᠷᠭᠠᠭᠤᠯᠢᠯᠠᠲᠠ ᠊ᠢᠢᠨ ᠰᠤᠮᠤ ᠬᠡᠷᠡᠭᠯᠡᠨ᠎ ᠊ᠡ᠋ [4]

ᠲᠥᠷᠥᠯ ᠊ᠤᠳ

ᠲᠡᠩᠴᠡᠪᠦᠷᠢᠵᠢᠭᠦᠯᠦᠭᠰᠡᠨ
ᠠᠦ᠋ᠲ᠋ᠣᠮᠠᠲᠢᠭ
ᠪᠦᠬᠦᠢ
AK-107

АК
АКС
АКМ
АКМС
АК-74
АКС-74
АК-74М
АКС-74У
AK-103
AK-105
AK-107
АК-12
АК-15

ᠲᠥᠯᠬᠢᠭᠦᠷ ᠦᠭᠡᠰ

avtomat Kalashnikova
small arms
автомат Калашникова
стрелковые оружия
буудлагын зэвсэг
ака

ᠰᠡᠳᠬᠢᠭᠳᠡᠯ

<Comments/>

ᠡᠬᠢ ᠰᠤᠷᠪᠦᠯᠵᠢ

  1. Баранец, Виктор Автомат Калашникова: вместо отставки идёт на повышение. Комсомольская правда. ЗАО «ИД „Комсомольская правда“» (01.11.2011).
  2. City-FM / 17 миллионов автоматов Калашникова находится на складах Минобороны. Московское информационное радио City FM (28.02.2013).
  3. http://galiinbeltgel.blogspot.com
  4. https://vpk.name/blog/interest-about-ak-47