ᠬᠠᠷᠢᠴᠠᠩᠭᠤᠢ ᠶ᠋ᠢᠨ ᠣᠨᠤᠯ
ᠬᠠᠷᠢᠴᠠᠩᠭᠤᠢ ᠶ᠋ᠢᠨ ᠣᠨᠤᠯ
ᠬᠠᠷᠢᠴᠠᠩᠭᠤᠢ ᠶ᠋ᠢᠨ ᠣᠨᠤᠯ ᠨᠢ ᠹᠢᠽᠢᠻ ᠫᠷᠣᠼᠧᠰᠰ ᠊ᠦᠨ ᠣᠷᠤᠨ ᠵᠠᠢ - ᠴᠠᠭ ᠬᠤᠭᠤᠴᠠᠭᠠᠨ ᠊ᠤ ᠰᠢᠨᠵᠢ ᠪᠠᠢᠢᠳᠠᠯ ᠊ᠢ ᠲᠣᠳᠤᠷᠬᠠᠢᠯᠠᠭᠰᠠᠨ ᠣᠨᠤᠯ ᠪᠢᠯᠡ᠃ ᠠᠯᠪᠧᠷᠲ ᠧᠢᠢᠨᠱᠲᠠᠢᠨ᠍ ᠊ᠤ ᠡᠨᠡᠬᠦ ᠣᠨᠤᠯ ᠶ᠋ᠢᠠᠷ ᠲᠣᠳᠤᠷᠬᠠᠢᠯᠠᠭᠰᠠᠨ ᠵᠦᠢ ᠲᠣᠭᠲᠠᠯ ᠊ᠤᠳ ᠨᠢ ᠹᠢᠽᠢᠻ ᠊ᠦᠨ ᠪᠦᠬᠢ ᠫᠷᠥᠼᠧᠰᠰ ᠲᠤ ᠨᠡᠢᠢᠲᠡᠯᠢᠭ ᠲᠤᠯᠠ ᠲᠡᠳᠡᠭᠡᠷ ᠊ᠢ ᠥᠭᠦᠯᠬᠦ ᠳ᠋ᠤ ᠪᠡᠨ ᠣᠷᠣᠨ ᠵᠠᠢ - ᠴᠠᠭ ᠬᠤᠭᠤᠴᠠᠭᠠᠨ ᠊ᠤ ᠰᠢᠨᠵᠢ ᠴᠢᠨᠠᠷ ᠪᠣᠯᠭᠠᠨ ᠠᠪᠴᠤ ᠦᠵᠡᠳᠡᠭ᠃ ᠡᠳᠡᠭᠡᠷ ᠰᠢᠨᠵᠢ ᠴᠢᠨᠠᠷ ᠨᠢ ᠣᠷᠤᠨ - ᠴᠠᠭ ᠊ᠤᠨ ᠲᠤᠬᠠᠢ ᠶ᠋ᠢᠨ ᠮᠤᠵᠢ ᠳᠠᠬᠢ ᠲᠠᠲᠠᠯᠴᠠᠯ ᠊ᠤᠨ ᠣᠷᠣᠨ ᠡᠴᠡ ᠬᠠᠮᠢᠶᠷᠠᠯ ᠲᠠᠢ᠃ ᠲᠠᠲᠠᠯᠴᠠᠯ ᠊ᠤᠨ ᠣᠷᠤᠨ ᠊ᠤ ᠨᠥᠯᠦᠭᠡ ᠶ᠋ᠢ ᠲᠣᠭᠠᠴᠠᠬᠤ ᠦᠭᠡᠢ ᠪᠠᠢᠢᠵᠤ ᠪᠣᠯᠬᠤ ᠨᠥᠬᠦᠴᠡᠯ ᠳ᠋ᠦ ᠣᠷᠤᠨ - ᠴᠠᠭ ᠊ᠤᠨ ᠰᠢᠨᠵᠢ ᠴᠢᠨᠠᠷ ᠊ᠢ ᠣᠢᠢᠷᠠᠯᠴᠠᠭᠠᠯᠠᠨ ᠳᠦᠷᠰᠦᠯᠡᠬᠦ ᠣᠨᠤᠯ ᠊ᠢ ᠬᠠᠷᠢᠴᠠᠩᠭᠤᠢ ᠶ᠋ᠢᠨ ᠲᠤᠰᠬᠠᠢ ᠣᠨᠤᠯ ᠬᠡᠮᠡᠭᠰᠡᠨ ᠪᠢᠯᠡ᠃ ᠧᠢᠢᠨᠱᠲᠠᠢᠨ᠍ ᠬᠠᠷᠢᠴᠠᠩᠭᠤᠢ ᠶ᠋ᠢᠨ ᠲᠤᠰᠬᠠᠢ ᠣᠨᠤᠯ ᠊ᠢ ᠪᠡᠨ 1905 ᠣᠨ ᠳ᠋ᠤ ᠪᠣᠯᠪᠠᠰᠤᠷᠠᠭᠤᠯᠤᠭᠰᠠᠨ᠃ ᠬᠠᠷᠢᠨ ᠲᠠᠲᠠᠯᠴᠠᠯ ᠊ᠤᠨ ᠣᠷᠣᠨ ᠊ᠤᠨ ᠦᠢᠯᠡᠴᠢᠯᠡᠯ ᠶ᠋ᠢᠨ ᠦᠶ ᠊ᠡ᠋ ᠳᠡᠬᠢ ᠣᠷᠤᠨ - ᠴᠠᠭ ᠊ᠤᠨ ᠰᠢᠨᠵᠢ ᠴᠢᠨᠠᠷ ᠊ᠢ ᠧᠢᠢᠨᠱᠲᠠᠢᠨ᠍ ᠊ᠦ ᠬᠠᠷᠢᠴᠠᠩᠭᠤᠢ ᠶ᠋ᠢᠨ ᠶᠡᠷᠦᠩᠬᠡᠢ ᠣᠨᠤᠯ ᠰᠤᠳᠤᠯᠮᠤᠢ᠃ ᠬᠠᠷᠢᠴᠠᠩᠭᠤᠢ ᠶ᠋ᠢᠨ ᠶᠡᠷᠦᠩᠬᠡᠢ ᠣᠨᠤᠯ ᠊ᠢ ᠧᠢᠢᠨᠱᠲᠠᠢᠨ᠍ 1915 ᠣᠨ ᠳ᠋ᠤ ᠨᠡᠢᠢᠲᠡᠯᠡᠭᠰᠡᠨ ᠪᠢᠯᠡ᠃ ᠬᠠᠷᠢᠴᠠᠩᠭᠤᠢ ᠶ᠋ᠢᠨ ᠣᠨᠤᠯ ᠳ᠋ᠤ ᠥᠭᠦᠯᠡᠭᠳᠡᠬᠦ ᠹᠢᠽᠢᠻ ᠦᠵᠡᠭᠳᠡᠯ ᠊ᠦᠳ ᠊ᠢ ᠷᠧᠯᠠᠲᠢᠸᠢᠰᠲ (relativistic) ᠦᠵᠡᠭᠳᠡᠯ ᠊ᠦᠳ ᠭᠡᠬᠦ ᠪᠠ ᠲᠡᠳᠡᠭᠡᠷ ᠨᠢ ᠪᠡᠶᠡᠲᠦ ᠨᠤᠭᠦᠳ ᠸᠠᠻᠦᠦᠮ (vacuum) ᠳ᠋ᠠᠬᠢ ᠭᠡᠷᠡᠯ ᠊ᠦᠨ ᠬᠤᠷᠳᠤ ᠲᠠᠢ ᠣᠢᠢᠷᠠᠯᠴᠠᠭ ᠊ᠠ᠋ ᠬᠤᠷᠳᠤ (v) ᠲᠠᠢ ᠦᠶᠡᠰ ᠲᠦ ᠢᠯᠡᠷᠡᠮᠦᠢ᠃ ᠬᠠᠷᠢᠴᠠᠩᠭᠤᠢ ᠶ᠋ᠢᠨ ᠣᠨᠤᠯ ᠨᠢ ᠬᠣᠶᠠᠷ ᠫᠣᠰᠲ᠋ᠦ᠋ᠯᠠᠲ (postulate) ᠲᠤ ᠰᠠᠭᠤᠷᠢᠯᠠᠭᠳᠠᠭᠰᠠᠨ᠄ 1. ᠪᠦᠬᠢ ᠢᠨᠧᠷᠼᠢᠶᠠᠯ (inertial) ᠰᠢᠰᠲ᠋ᠧᠮ ᠠᠳᠢᠯ ᠲᠡᠭᠰᠢ ᠭᠡᠰᠡᠨ ᠬᠠᠷᠢᠴᠠᠩᠭᠤᠢ ᠶ᠋ᠢᠨ ᠵᠠᠷᠴᠢᠮ᠂ 2. ᠸᠠᠻᠤᠤᠮ ᠳ᠋ᠠᠬᠢ ᠭᠡᠷᠡᠯ ᠊ᠦᠨ ᠬᠤᠷᠳᠤ ᠶ᠋ᠢᠨ ᠭᠡᠷᠡᠯ ᠡᠭᠦᠰᠬᠡᠭᠴᠢ ᠶ᠋ᠨ ᠬᠤᠷᠳᠤ ᠡᠴᠡ ᠦᠯᠦ ᠬᠠᠮᠢᠶᠠᠷᠠᠨ ᠲᠣᠭᠲᠠᠮᠠᠯ ᠪᠠᠢᠬᠤ ᠵᠠᠷᠴᠢᠮ᠃
ᠡᠨᠡ ᠬᠣᠶᠠᠷ ᠫᠣᠰᠲᠦ᠋ᠯᠠᠲ ᠨᠢᠭᠡ ᠲᠣᠭᠠᠯᠠᠯ ᠊ᠤᠨ ᠰᠢᠰᠲ᠋ᠧᠮ ᠡᠴᠡ ᠨᠥᠭᠦᠭᠡ ᠲᠣᠭᠠᠯᠠᠯ ᠊ᠤᠨ ᠰᠢᠰᠲ᠋ᠧᠮ ᠳ᠋ᠦ ᠰᠢᠯᠵᠢᠬᠦ ᠲᠣᠮᠢᠶ ᠊ᠠ᠋᠋ ᠪᠣᠯᠬᠤ ᠯᠣᠷᠧᠨ᠍ᠼ (Lorentz) ᠊ᠦᠨ ᠬᠤᠪᠢᠷᠭᠠᠯ ᠊ᠢ ᠲᠣᠳᠤᠷᠬᠠᠢᠯᠠᠬᠮᠤᠢ᠃ ᠡᠭᠦᠨ ᠳ᠋ᠦ ᠲᠣᠭᠠᠯᠠᠯ ᠊ᠤᠨ ᠰᠢᠰᠲ᠋ᠧᠮ ᠬᠣᠭᠣᠷᠣᠨᠳᠤ ᠶ᠋ᠢᠨ ᠰᠢᠯᠵᠢᠯᠲᠡ ᠪᠡᠷ ᠣᠷᠤᠨ ᠵᠠᠢ ᠶ᠋ᠢᠨ ᠻᠣᠣᠷᠳᠢᠨᠠᠲ (coordinate) ᠊ᠤᠳ ᠥᠭᠡᠷᠡᠴᠢᠯᠡᠭᠳᠡᠭᠦ ᠲᠡᠳᠦ ᠦᠭᠡᠢ ᠴᠠᠭ ᠬᠤᠭᠤᠴᠠᠭᠠᠨ ᠊ᠤ ᠭᠱᠠᠨ ᠨᠤᠭᠤᠳ ᠴᠤ ᠥᠭᠡᠷᠡᠴᠢᠯᠡᠭᠳᠡᠨ᠍ ᠊ᠡ᠋᠋᠃ ᠥᠭᠡᠷ ᠊ᠡ᠋᠋ ᠪᠡᠷ ᠬᠡᠯᠡᠪᠡᠰᠦ᠂ ᠴᠠᠭ ᠬᠤᠭᠤᠴᠠᠭ ᠊ᠠ᠋᠋ ᠴᠤ ᠬᠠᠷᠢᠴᠠᠩᠭᠤᠢ ᠪᠣᠯᠠᠢ᠃ ᠯᠣᠷᠧᠨ᠍ᠼ ᠊ᠦᠨ ᠬᠤᠪᠢᠷᠭᠠᠯ ᠡᠴᠡ ᠬᠠᠷᠢᠴᠠᠩᠭᠤᠢ ᠶ᠋ᠢᠨ ᠲᠤᠰᠬᠠᠢ ᠣᠨᠤᠯ ᠊ᠤᠨ ᠦᠨᠳᠦᠰᠦᠨ ᠮᠥᠷᠳᠡᠯᠭᠡ ᠨᠣᠭᠦᠳ ᠤᠷᠭᠤᠨ ᠭᠠᠷᠳᠠᠭ᠃ ᠲᠤᠬᠠᠢᠯᠠᠪᠠᠯ᠄ ᠠᠯᠢᠪᠠ ᠬᠠᠷᠢᠯᠴᠠᠨ ᠦᠢᠯᠡᠴᠢᠯᠡᠯ ᠊ᠦᠨ ᠳᠡᠭᠡᠳᠦ ᠬᠤᠷᠳᠤ ᠬᠢᠵᠠᠭᠠᠷ ᠲᠠᠢ ᠪᠠᠢᠬᠤ᠂ ᠲᠡᠷᠡ ᠨᠢ ᠠᠯᠢᠪᠠ ᠪᠡᠶᠡᠲᠦ ᠶ᠋ᠢ ᠬᠤᠷᠳᠠᠰᠬᠠᠭᠰᠠᠭᠠᠷ ᠬᠦᠷᠴᠦ ᠪᠣᠯᠬᠤ ᠳᠡᠭᠡᠳᠦᠨ ᠊ᠤ ᠬᠢᠵᠠᠭᠠᠷ ᠪᠥᠭᠡᠳ ᠸᠠᠻᠤᠤᠮ ᠳ᠋ᠬᠢ ᠭᠡᠷᠡᠯ ᠊ᠦᠨ ᠬᠤᠷᠳᠤ ᠪᠠᠢᠢᠬᠤ᠂ ᠨᠢᠭᠡ ᠲᠣᠭᠠᠯᠠᠯ ᠤᠨ ᠰᠢᠲ᠋ᠧᠮ ᠳ᠋ᠤ ᠨᠢᠭᠡᠨ ᠵᠡᠷᠭᠡ ᠶᠠᠪᠤᠭᠳᠠᠬᠤ ᠦᠢᠯᠡ ᠶᠠᠪᠤᠴᠠ ᠨᠤᠭᠤᠳ ᠨᠥᠭᠦᠭᠡ ᠲᠣᠭᠠᠯᠠᠯ ᠊ᠤᠨ ᠰᠢᠰᠲ᠋ᠧᠮ ᠳ᠋ᠦ ᠨᠢᠭᠡᠨ ᠵᠡᠷᠭᠡ ᠪᠢᠰᠢ ᠪᠠᠢᠳᠠᠭ ᠬᠠᠮ ᠴᠠᠭ ᠊ᠤᠨ ᠬᠠᠷᠢᠴᠠᠩᠭᠤᠢ᠂ ᠥᠨᠳᠦᠷ ᠬᠤᠷᠳᠤ ᠲᠠᠢ ᠲᠣᠭᠠᠯᠠᠯ ᠊ᠤᠨ ᠰᠢᠰᠲ᠋ᠧᠮ ᠳ᠋ᠤ ᠴᠠᠭ ᠬᠤᠭᠤᠴᠠᠭ ᠊ᠠ᠋᠋ ᠠᠵᠢᠭᠯᠠᠭᠴᠢ ᠶ᠋ᠢᠨ ᠲᠣᠭᠠᠯᠠᠯ ᠊ᠤᠨ ᠰᠢᠰᠲ᠋ᠧᠮ ᠳ᠋ᠡᠬᠢ ᠡᠴᠡ ᠳ᠋ᠠᠬᠢᠨ ᠤᠳᠠᠭᠠᠰᠢᠷᠠᠬᠤ᠂ ᠬᠥᠳᠦᠯᠭᠡᠨ ᠊ᠦ ᠴᠢᠭ ᠳᠠᠭᠠᠭᠤ ᠤᠷᠲᠤ ᠶ᠋ᠢᠨ ᠬᠡᠮᠵᠢᠶ ᠊ᠡ᠋᠋ ᠮᠥᠨ ᠳ᠋ᠠᠬᠢᠨ ᠪᠣᠭᠣᠨᠢᠰᠬᠤ ᠵᠡᠷᠭᠡ ᠪᠣᠯᠤᠨ ᠊ᠠ᠋᠋᠃ ᠲᠡᠭᠦᠨᠴᠢᠯᠡᠨ ᠥᠨᠳᠦᠷ ᠬᠤᠷᠳᠤ ᠲᠠᠢ ᠬᠥᠳᠦᠯᠵᠦ ᠪᠤᠢ ᠪᠡᠶ ᠊ᠡ᠋᠋ ᠶ᠋ᠢᠨ ᠮᠠᠰᠰ ᠳ᠋ᠠᠬᠢᠨ ᠶᠡᠬᠡᠰᠦᠨ ᠊ᠠ᠋᠋᠃ ᠬᠥᠳᠦᠯᠵᠦ ᠪᠡᠶᠡᠲᠦ ᠶ᠋ᠢᠨ ᠨᠡᠢᠢᠲᠡ ᠧᠨᠧᠷᠭᠢ ᠧᠢᠢᠨ᠍ᠱᠲᠠᠢᠨ ᠊ᠤ Задлан ялгал хийж чадсангүй (үл мэдэгдэх функц): {\displaystyle \E=mc^2}} ᠲᠡᠭᠰᠢᠳᠬᠡᠯ ᠶ᠋ᠢᠡᠷ ᠲᠣᠳᠤᠷᠬᠠᠢᠯᠠᠭᠳᠠᠨ ᠊ᠠ᠋᠋᠃ ᠲᠠᠶᠢᠪᠤᠩ ᠲᠥᠯᠦᠪ ᠲᠦ ᠪᠤᠢ ᠪᠡᠶᠡᠲᠦ ᠶ᠋ᠢᠨ ᠨᠡᠢᠢᠲᠡ ᠧᠨᠧᠷᠭᠢ Задлан ялгал хийж чадсангүй (үл мэдэгдэх функц): {\displaystyle \E=m<sub>0</sub>c^2}} ᠲᠡᠭᠰᠢᠳᠬᠡᠯ ᠶ᠋ᠢᠡᠷ ᠢᠯᠡᠬᠡᠢᠯᠡᠭᠳᠡᠬᠦ ᠪᠠ ᠡᠭᠦᠨ ᠳ᠋ᠦ m0 ᠨᠢ ᠪᠡᠶ ᠊ᠡ᠋᠋ ᠶ᠋ᠢᠨ ᠲᠠᠢᠪᠤᠩ ᠊ᠤᠨ ᠮᠠᠰᠰ ᠪᠣᠯᠣᠨ ᠊ᠠ᠋᠋᠃[1]
ᠪᠠᠲᠤᠯᠠᠭ ᠊ᠠ᠋᠋
ᠬᠠᠷᠢᠴᠠᠩᠭᠤᠢ ᠶ᠋ᠢᠨ ᠣᠨᠤᠯ ᠊ᠤᠨ ᠡᠨᠡ ᠪᠦᠬᠢ ᠭᠠᠷᠭᠠᠯᠠᠭ ᠊ᠠ᠋᠋ ᠲᠤᠷᠰᠢᠯᠲᠠ ᠪᠠᠷ ᠪᠦᠷᠢᠨ ᠪᠠᠲᠤᠯᠠᠭᠳᠠᠭᠰᠠᠨ ᠪᠠᠢᠳᠠᠭ᠃[2]
ᠠᠴᠢ ᠬᠣᠯᠪᠤᠭᠳᠠᠯ
ᠬᠠᠷᠢᠴᠠᠩᠭᠤᠢ ᠶ᠋ᠢᠨ ᠣᠨᠤᠯ ᠣᠷᠤᠨ ᠵᠠᠢ ᠪᠠ ᠴᠠᠭ ᠬᠤᠭᠤᠴᠠᠭ ᠊ᠠ᠋ ᠶ᠋ᠢ ᠦᠨᠡᠮᠯᠡᠬᠦᠢ ᠮᠡᠲᠦ ᠪᠡᠷ ᠦᠵᠡᠳᠡᠭ ᠰᠣᠩᠭᠤᠳᠠᠭ ᠹᠢᠽᠢᠻ ᠊ᠦᠨ ᠲᠥᠰᠦᠭᠡᠯᠡᠯ ᠬᠢᠵᠠᠭᠠᠷᠯᠠᠭᠳᠠᠮᠠᠯ ᠪᠣᠯᠬᠤ ᠊ᠢ ᠢᠯᠡᠷᠡᠭᠦᠯᠦᠭᠰᠡᠨ᠃ ᠣᠷᠤᠨ ᠵᠠᠢ ᠪᠠ ᠴᠠᠭ ᠬᠤᠭᠤᠴᠠᠭ ᠊ᠠ᠋ ᠶ᠋ᠢ ᠬᠥᠳᠦᠯᠵᠦ ᠪᠤᠢ ᠮᠠᠲ᠋ᠧᠷᠢ ᠡᠴᠡ ᠰᠠᠯᠩᠭᠢᠳᠠ ᠠᠪᠴᠤ ᠦᠵᠡᠬᠦ ᠨᠢ ᠤᠴᠢᠷ ᠳᠤᠲᠠᠭᠳᠠᠯ ᠲᠠᠢ ᠶ᠋ᠢ ᠬᠠᠷᠠᠭᠤᠯᠠᠭᠰᠠᠨ᠃ ᠬᠠᠷᠢᠴᠠᠩᠭᠤᠢ ᠶ᠋ᠢᠨ ᠣᠨᠣᠯ ᠨᠢ ᠦᠨᠡᠨᠬᠦ ᠶᠢᠷᠲᠢᠨᠴᠦ ᠶ᠋ᠢᠨ ᠣᠪᠶᠧᠻᠲᠢᠸ ᠦᠵᠡᠭᠳᠡᠯ ᠊ᠦᠳ ᠊ᠦᠨ ᠲᠠᠯ ᠊ᠠ᠋᠋ ᠪᠠᠷ ᠰᠣᠩᠭᠤᠳᠠᠭ ᠹᠢᠽᠢᠻ ᠊ᠦᠨ ᠬᠢ ᠡᠴᠡ ᠢᠯᠡᠭᠦ ᠣᠨᠤᠪᠴᠢ ᠲᠠᠢ ᠲᠥᠰᠦᠭᠡᠯᠡᠯ ᠣᠯᠭᠤᠳᠠᠭ ᠪᠢᠯᠡ᠃[3]
ᠲᠦᠯᠬᠢᠭᠦᠷ ᠦᠭᠡᠰ
Special Theory of Relativity
General Theory of Relativity
Специальная теория относительности
Общая теория относительности
Харьцангуйн онол
Харьцангуйн тусгай онол
Харьцангуйн ерөнхий онол
ᠡᠬᠢ ᠰᠤᠷᠪᠤᠯᠵᠢ
- ↑ А.М.Прохоров и др. Советский энциклопедический словарь. ©Издательство “Советская энциклопедия”. Москва 1989
- ↑ А.М.Прохоров и др. Советский энциклопедический словарь. ©Издательство “Советская энциклопедия”. Москва 1989
- ↑ А.М.Прохоров и др. Советский энциклопедический словарь. ©Издательство “Советская энциклопедия”. Москва 1989