Авлига
ᠨᠢᠭᠡᠳᠦᠭᠰᠡᠨ ᠦᠨᠳᠦᠰᠦᠲᠡᠨ ᠤ ᠪᠠᠢᠢᠭᠤᠯᠤᠯᠭ᠎ᠠ ᠡᠴᠡ ᠭᠠᠷᠭᠠᠭᠰᠠᠨ 《ᠠᠪᠯᠢᠭ᠎ᠠ ᠲᠠᠢ ᠲᠡᠮᠡᠴᠡᠬᠦ ᠫᠷᠠᠻᠲ᠋ᠢᠭ ᠠᠷᠭ᠎ᠠ ᠬᠡᠮᠵᠢᠶᠡᠨ ᠤ ᠲᠠᠯ᠎ᠠ ᠪᠠᠷ ᠫᠷᠣᠻᠦ᠋ᠷᠣᠷ᠂ ᠮᠥᠷᠳᠡᠨ ᠪᠠᠢᠢᠴᠠᠭᠠᠭᠴᠢ ᠨᠠᠷ ᠲᠤ ᠵᠣᠷᠢᠭᠤᠯᠤᠭᠰᠠᠨ ᠭᠠᠷ ᠤᠨ ᠠᠪᠤᠯᠭ᠎ᠠ》 ᠳᠤ ᠠᠪᠯᠢᠭ᠎ᠠ ᠵᠢ ᠳᠠᠷᠠᠭᠠᠬᠢ ᠪᠠᠢᠢᠳᠠᠯ ᠢᠢᠠᠷ ᠠᠩᠭᠢᠯᠠᠭᠰᠠᠨ ᠪᠠᠢᠢᠨ᠎ᠠ᠃ ᠡᠭᠦᠨ ᠳᠤ᠄
- ᠶᠡᠬᠡ ᠠᠪᠯᠢᠭ᠎ᠠ ᠪᠠ ᠵᠢᠵᠢᠭ ᠠᠪᠯᠢᠭ᠎ᠠ (grand corruption/petty corruption)᠃ ᠪᠠᠭ᠎ᠠ ᠠᠪᠯᠢᠭ᠎ᠠ ᠵᠢ ᠮᠥᠨ ᠳᠣᠣᠷᠠᠳᠤ ᠲᠦᠪᠰᠢᠨ ᠤ ᠠᠪᠯᠢᠭ᠎ᠠ᠂ ᠭᠤᠳᠤᠮᠵᠢᠨ ᠤ ᠠᠪᠯᠢᠭ᠎ᠠ᠂ ᠵᠠᠬᠢᠷᠭᠠᠨ ᠤ ᠠᠪᠯᠢᠭ᠎ᠠ ᠭᠡᠬᠦᠴᠢᠯᠡᠨ ᠨᠡᠷᠡᠯᠡᠳᠡᠭ ᠪᠠᠢᠢᠨ᠎ᠠ᠃
- ᠢᠳᠡᠪᠬᠢᠲᠡᠢ ᠪᠠ ᠢᠳᠡᠪᠬᠢ ᠦᠭᠡᠶ ᠠᠪᠯᠢᠭ᠎ᠠ
- ᠬᠠᠬᠤᠤᠯᠢ
- ᠱᠠᠮᠰᠢᠭᠳᠠᠭᠤᠯᠬᠤ᠂ ᠬᠤᠯᠠᠭᠠᠶ᠂ ᠯᠤᠢᠢᠪᠠᠷ
- ᠰᠦᠷᠳᠡᠭᠦᠯᠬᠦ (extortion)
- ᠴᠢ᠌ᠭ᠌ ᠡᠭᠦᠷᠭᠡ ᠪᠡᠨ ᠤᠷᠪᠠᠭᠤᠯᠤᠨ ᠠᠰᠢᠭᠯᠠᠬᠤ (abuse of functions)
- ᠳᠠᠪᠠᠭᠤ ᠪᠠᠢᠢᠳᠠᠯ ᠣᠯᠭᠤᠬᠤ᠂ ᠵᠢᠭᠡᠰᠡᠬᠦ (favouritism, nepotism)
- ᠠᠰᠢᠭ ᠰᠥᠨᠢᠷᠬᠠᠯ ᠤᠨ ᠵᠥᠷᠢᠴᠡᠯ ᠡᠭᠦᠰᠬᠡᠬᠦ᠂ ᠠᠰᠢᠭᠯᠠᠬᠤ
- ᠤᠯᠤᠰ ᠲᠥᠷᠦ ᠊ᠢᠢᠨ ᠵᠣᠬᠢᠰ ᠦᠭᠡᠢ ᠬᠠᠨᠳᠢᠪ - ᠡᠳᠡᠭᠡᠷ ᠲᠥᠷᠦᠯ ᠬᠡᠯᠪᠡᠷᠢ ᠨᠤᠭᠦᠳ ᠢ ᠢᠯᠠᠭᠠᠨ ᠲᠣᠳᠤᠷᠬᠠᠢᠢᠯᠠᠭᠰᠠᠨ ᠪᠠᠢᠢᠨ᠎ᠠ᠃
ᠨᠢᠭᠡᠳᠦᠭᠰᠡᠨ ᠦᠨᠳᠦᠰᠦᠲᠡᠨ ᠤ ᠪᠠᠢᠢᠭᠤᠯᠤᠯᠭ᠎ᠠ ᠢᠢᠨ ᠠᠪᠯᠢᠭ᠎ᠠ ᠢᠢᠨ ᠡᠰᠡᠷᠭᠦ ᠻᠣᠨ᠍ᠸᠧᠨ᠍ᠼ ᠲᠦ ᠥᠭᠦᠯ᠋ᠡᠭᠰᠡᠨᠴᠢᠯᠡᠨ ᠠᠪᠯᠢᠭ᠎ᠠ ᠠᠷᠠᠳᠴᠢᠯᠠᠯ᠂ ᠬᠠᠤᠯᠢ ᠳᠡᠭᠡᠳᠦᠯᠡᠬᠦ ᠶᠣᠰᠤ ᠵᠢ ᠰᠠᠢᠢᠵᠢᠷᠠᠭᠤᠯᠵᠤ᠂ ᠬᠦᠮᠦᠨ ᠤ ᠡᠷᠬᠡ ᠢᠢᠨ ᠵᠥᠷᠢᠴᠡᠯ ᠡᠭᠦᠰᠭᠡᠵᠦ ᠵᠠᠬ᠎ᠠ ᠵᠡᠭᠡᠯᠢ ᠵᠢ ᠭᠠᠵᠢᠭᠤᠳᠠᠭᠤᠯᠵᠤ᠂ ᠠᠮᠢᠳᠤᠷᠠᠯ ᠤᠨ ᠴᠢᠨᠠᠷ ᠢ ᠵᠢᠪᠡᠷᠡᠭᠡᠵᠦ᠂ ᠵᠣᠬᠢᠶᠠᠨ ᠪᠠᠢᠢᠭᠤᠯᠤᠯᠲᠠ ᠲᠠᠢ ᠭᠡᠮᠲᠦ ᠬᠡᠷᠡᠭ᠂ ᠲᠧᠷᠷᠣᠷᠢᠰᠮ ᠭᠡᠬᠦ ᠮᠡᠲᠦ ᠬᠦᠮᠦᠨ ᠤ ᠠᠮᠤᠭᠤᠯᠠᠩ ᠠᠮᠢᠳᠤᠷᠠᠯ ᠳᠤ ᠠᠶᠤᠯ ᠤᠴᠠᠷᠠᠭᠤᠯᠬᠤ ᠦᠵᠡᠭᠳᠡᠯ ᠤᠳ ᠭᠠᠭᠠᠷᠠᠬᠤ ᠨᠥᠬᠦᠴᠡᠯ ᠪᠦᠷᠢᠳᠦᠭᠦᠯᠳᠡᠭ᠃ ᠠᠪᠯᠢᠭ᠎ᠠ ᠡᠳ᠋ ᠤᠨ ᠵᠠᠰᠠᠭ ᠤᠨ ᠢᠯᠵᠠᠷᠠᠯ ᠤᠨ ᠵᠠᠩᠭᠢᠯᠠᠭ᠎ᠠ᠂ ᠶᠠᠳᠠᠭᠤᠷᠠᠯ ᠊ᠢ ᠪᠠᠭᠤᠷᠠᠭᠤᠯᠬᠤ ᠳᠤ ᠲᠡᠭᠡᠭᠯᠡᠬᠦ ᠰᠠᠳᠠᠭ᠎ᠠ ᠬᠥᠭᠵᠢᠯ ᠊ᠦᠨ ᠭᠣᠣᠯ ᠴᠢᠳᠦᠷ ᠲᠤᠱᠠ ᠪᠣᠯᠳᠠᠭ ᠪᠠᠢᠢᠨ᠎ᠠ᠃ ᠨᠡᠢᠢᠭᠡᠮ ᠊ᠳᠦ ᠠᠪᠯᠢᠭ᠎ᠠ ᠡᠭᠦᠰᠳᠡᠭ ᠰᠢᠯᠲᠠᠭᠠᠨ ᠤᠳ᠄
- ᠲᠥᠷᠦ ᠵᠠᠬᠢᠷᠭᠠᠨ ᠤ ᠪᠠᠢᠢᠭᠤᠯᠤᠯᠭ᠎ᠠ ᠨᠤᠭᠤᠳ ᠤᠨ ᠬᠦᠨᠳᠦ ᠰᠣᠷᠲᠠᠯ᠂ ᠣᠯᠠᠨ ᠱᠠᠲᠤ ᠳᠠᠮᠵᠢᠯᠭ᠎ᠠ
- ᠲᠥᠷᠦ ᠢᠢᠨ ᠪᠠᠢᠢᠭᠤᠯᠤᠯᠭ᠎ᠠ ᠢᠢᠨ ᠦᠢᠯᠡ ᠠᠵᠢᠯᠯᠠᠭ᠎ᠠ ᠢᠯᠡ ᠲᠣᠳᠤ᠂ ᠨᠡᠭᠡᠭᠡᠯᠲᠡᠲᠡᠢ ᠪᠤᠰᠤ
- ᠣᠢᠢᠯᠠᠭᠠᠮᠵᠢ ᠦᠭᠡᠢ ᠬᠠᠤᠯᠢ᠂ ᠳᠦᠷᠢᠮ᠂ ᠵᠢᠷᠤᠮ
- ᠴᠠᠯᠢᠩ ᠬᠥᠯᠦᠰᠦ ᠪᠭᠠ᠂ ᠠᠮᠢᠵᠢᠷᠠᠭᠠᠨ ᠤ ᠥᠷᠲᠡᠭ ᠥᠨᠳᠦᠷ᠂ ᠶᠠᠳᠠᠭᠤᠷᠠᠯ᠂ ᠲᠥᠷᠦ ᠢᠢᠨ ᠠᠯᠪᠠᠨ ᠤ ᠶᠣᠰᠤ ᠵᠦᠢ ᠢᠢᠨ ᠳᠣᠷᠤᠢᠢᠲᠠᠯ
- ᠰᠢᠢᠳᠪᠦᠷᠢ ᠭᠠᠷᠭᠠᠬᠤ ᠳᠤ ᠠᠯᠪᠠᠨ ᠲᠤᠰᠢᠶᠠᠯᠲᠠᠨ ᠤ ᠬᠤᠪᠢ ᠢᠢᠨ ᠦᠵᠡᠯ ᠪᠣᠳᠤᠯ᠂ ᠨᠥᠯᠦᠭᠡᠯᠡᠬᠦ ᠣᠷᠣᠨ ᠵᠠᠢ ᠶᠡᠬᠡ ᠭᠡᠬᠦ ᠮᠡᠲᠦ ᠰᠢᠯᠲᠠᠭᠠᠨ ᠨᠤᠭᠤᠳ ᠢ ᠨᠡᠷᠡᠯᠡᠵᠦ ᠪᠣᠯᠤᠨ᠎ᠠ᠃
ᠠᠪᠯᠢᠭ᠎ᠠ ᠳ᠋ᠤ ᠣᠷᠣᠯᠴᠠᠭᠴᠢᠳ ᠭᠣᠣᠯᠳᠠᠭᠤ ᠳᠠᠯᠳᠠ ᠬᠡᠯᠪᠡᠷᠢ ᠪᠡᠷ ᠬᠤᠤᠪᠢᠯᠳᠤᠨ ᠦᠢᠯᠡᠳᠳᠡᠭ᠃ ᠮᠣᠩᠭᠣᠯ ᠤᠯᠤᠰ ᠤᠨ ᠬᠠᠤᠯᠢ ᠳᠤ ᠠᠪᠯᠢᠭ᠎ᠠ ᠠᠪᠤᠭᠰᠠᠨ᠂ ᠥᠭᠭᠦᠭᠰᠡᠨ᠂ ᠵᠠᠭᠤᠴᠢᠯᠠᠭᠰᠠᠨ ᠡᠲᠡᠭᠡᠳ ᠦᠳ ᠲᠦ ᠡᠷᠡᠭᠦᠦ ᠶᠢᠨ ᠬᠠᠷᠢᠭᠤᠴᠠᠯᠭ᠎ᠠ ᠬᠦᠯᠢᠶᠡᠯᠭᠡᠬᠦ ᠪᠡᠷ ᠬᠠᠤᠯᠢᠴᠢᠯᠠᠭᠰᠠᠨ ᠪᠠᠢᠢᠳᠠᠭ᠃ ᠭᠡᠲᠡᠯ᠎ᠡ ᠬᠡᠵᠢᠶ᠎ᠡ ᠴᠤ ᠠᠪᠯᠢᠭ᠎ᠠ ᠥᠭᠭᠦᠭᠰᠡᠨ ᠬᠦᠮᠦᠰ ᠨᠢᠭᠡ ᠨᠢ ᠨᠥᠭᠥᠭᠡ ᠶᠢᠨ ᠢᠢᠠᠨ ᠡᠰᠡᠷᠬᠦ ᠡᠷᠭᠦᠳᠡᠯ ᠭᠣᠮᠣᠳᠠᠯ ᠭᠠᠷᠭᠠᠳᠠᠭ ᠦᠭᠡᠢ᠃
ᠶᠠᠭᠠᠬᠢᠭᠠᠳ ᠭᠡᠪᠡᠯ ᠨᠢᠭᠡ ᠨᠢ ᠠᠯᠪᠠᠨ ᠲᠤᠰᠢᠶᠠᠯ ᠢᠢᠠᠨ ᠠᠰᠢᠭᠯᠠᠭᠠᠳ ᠠᠰᠢᠭ ᠣᠯᠴᠢᠬᠠᠭᠰᠠᠨ᠂ ᠨᠢᠭᠡ ᠨᠢ ᠠᠪᠯᠢᠭ᠎ᠠ ᠥᠭᠭᠦᠭᠡᠳ ᠥᠪᠡᠷ ᠦᠨ ᠠᠰᠢᠭ ᠢᠢᠠᠨ ᠣᠯᠴᠢᠬᠠᠭᠰᠠᠨ ᠪᠠᠢᠢᠬᠤ ᠳᠤ ᠵᠠᠷᠭᠤᠯᠳᠤᠬᠤ ᠶᠠᠮᠠᠷ ᠴᠤ ᠱᠠᠭᠠᠷᠳᠠᠯᠭ᠎ᠠ ᠪᠠᠢᠢᠬᠤ ᠦᠭᠡᠢ᠃ ᠲᠡᠭᠡᠭᠡᠳ ᠠᠪᠯᠢᠭ᠎ᠠ ᠠᠪᠤᠭᠰᠠᠨ ᠬᠦᠮᠦᠨ ᠢ ᠨᠢ ᠰᠢᠳᠬᠡᠳᠡᠭ ᠬᠠᠤᠯᠢ ᠲᠠᠢ ᠪᠠᠢᠢᠬᠤ ᠦᠭᠡᠢ ᠪᠣᠯ ᠬᠡᠨ ᠠᠪᠯᠢᠭ᠎ᠠ ᠠᠪᠴᠢᠬᠠᠯ᠎ᠠ᠂ ᠥᠭᠴᠢᠬᠡᠭᠡᠳ᠂ ᠵᠠᠭᠤᠴᠢᠯᠠᠴᠢᠬᠠᠭᠠᠳ ᠪᠢ ᠠᠪᠯᠢᠭ᠎ᠠ ᠢᠢᠨ ᠬᠡᠷᠡᠭ ᠬᠢᠴᠢᠬᠡᠯ᠎ᠡ ᠭᠡᠳ ᠥᠪᠡᠷ ᠢ ᠪᠡᠨ ᠪᠠᠷᠢᠵᠤ ᠥᠭᠬᠦ ᠪᠢᠯᠡ ᠳ᠋ᠡ!
ᠠᠪᠯᠢᠭ᠎ᠠ ᠨᠢ ᠨᠡᠢᠢᠭᠡᠮ ᠤᠨ ᠡᠳ᠋ ᠤᠨ ᠵᠠᠰᠠᠭ ᠤᠨ ᠬᠦᠷᠢᠶᠡᠨ ᠳᠦ᠂ ᠤᠯᠤᠰ ᠲᠥᠷᠥ ᠶᠢᠨ ᠬᠦᠷᠢᠶᠡᠨ ᠳᠦ᠂ ᠬᠠᠤᠯᠢ ᠵᠦᠢ᠂ ᠣᠶᠤᠨ ᠰᠠᠨᠠᠭᠠᠨ ᠤ ᠬᠦᠷᠢᠶᠡᠨ ᠳᠦ ᠭᠡᠳ ᠨᠡᠢᠢᠭᠡᠮ ᠳᠦ ᠪᠦᠬᠦᠯᠢ ᠳᠦᠨᠢ ᠬᠣᠣᠷ ᠬᠥᠨᠥᠭᠡᠯ ᠠᠪᠴᠢᠷᠠᠵᠤ ᠴᠢᠳᠠᠳᠠᠭ ᠬᠣᠣᠷᠲᠤ ᠦᠵᠡᠭᠳᠡᠯ ᠶᠤᠮ᠃
ᠡᠬᠢ
ᠰᠤᠷᠪᠤᠯᠵᠢ[засварлах | кодоор засварлах]
https://www.transparency.org/what-is-corruption
ᠠᠪᠯᠢᠭ᠎ᠠ ᠢᠢᠨ ᠡᠰᠡᠷᠭᠦ ᠬᠠᠤᠯᠢ www.legalinfo.mn
https://www.unodc.org/pdf/crime/corruption/Handbook.pdf United Nations Handbook on Practical Anti-Corruption Measures for Prosecutors and Investigators. Vienna, September 2004
http://vip76.mn
ᠲᠦᠯᠬᠢᠭᠦᠷ
ᠦᠭᠡᠰ [засварлах | кодоор засварлах]
авлига
авлигал
авилгал
коррупция
ᠠᠪᠯᠢᠭᠠᠯ