ᠴᠦ᠋ ᠬᠠᠶᠠᠬᠤ
ᠪᠡᠯᠭᠡ |
ᠴᠦ᠋ ᠬᠠᠶᠠᠬᠤ ᠲᠣᠭᠯᠠᠭᠠᠮ ᠪᠣᠯ ᠠᠷᠠᠳ ᠣᠯᠠᠨ ᠢ ᠬᠠᠮᠤᠷᠤᠭᠰᠠᠨ ᠬᠥᠭᠵᠢᠶᠡᠨᠲᠦ ᠲᠣᠭᠯᠠᠭᠠᠮ ᠶᠤᠮ᠃ [1] ᠴᠦ᠋ ᠬᠠᠶᠠᠬᠤ ᠶ᠋ᠢ ᠪᠠᠰᠠ ᠴᠠᠭᠠᠨ ᠮᠣᠳᠣ ᠬᠠᠶᠠᠬᠤ ᠭᠡᠵᠦ ᠨᠡᠷᠡᠯᠡᠳᠡᠭ᠃ ᠡᠨᠡ ᠲᠣᠭᠯᠠᠭᠠᠮ ᠢ ᠵᠤᠨ᠂ ᠨᠠᠮᠤᠷ ᠤᠨ ᠳᠤᠯᠠᠭᠠᠨ ᠦᠳᠡᠰᠢ ᠰᠠᠷᠠᠨ ᠤ ᠰᠠᠷᠠᠭᠤᠯ ᠳᠤ ᠲᠣᠭᠯᠠᠨ᠎ᠠ᠃ ᠰᠥᠨᠢ ᠬᠥᠳᠡᠭᠡ ᠨᠤᠲᠤᠭ ᠲᠤ ᠬᠣᠲᠠ ᠠᠶ᠋ᠢᠯ ᠠᠴᠠ ᠵᠢᠭᠠᠬᠠᠨ ᠵᠠᠶ᠋ᠢᠳᠠᠭᠤ ᠣᠯᠠᠨ ᠬᠦᠮᠦᠨ ᠢᠢᠰᠢ ᠲᠡᠶ᠋᠋ᠢᠰᠢ ᠲᠠᠷᠠᠨ ᠶ᠋ᠠᠭᠤᠮᠠ ᠬᠠᠶ᠋ᠢᠵᠤ ᠪᠠᠶ᠋ᠢᠭᠰᠠᠨ ᠢᠶ᠋ᠠᠨ ᠨᠢᠭᠡ ᠶ᠋ᠢ ᠪᠡᠨ ᠪᠠᠷᠢᠵᠤ ᠠᠪᠬᠤ ᠭᠡᠳ ᠬᠥᠭᠡᠭᠡᠨ ᠭᠦᠶᠦᠵᠦ ᠪᠥᠭᠡᠮ ᠳᠠᠭᠤᠤ ᠱᠤᠤᠭᠢᠶᠠᠨ᠂ ᠢᠨᠢᠶᠡᠳᠦ ᠪᠣᠯᠵᠤ᠂ ᠬᠠᠷᠢᠨ ᠵᠠᠷᠢᠮ ᠨᠢᠭᠡ ᠨᠢ ᠪᠠᠭᠠᠬᠠᠨ ᠰᠢᠯᠪᠤᠷᠬᠠᠢ ᠮᠡᠲᠦ ᠶ᠋ᠢᠨ ᠭᠡᠮᠲᠦᠯ ᠠᠪᠴᠤ᠂ ᠵᠠᠷᠢᠮ ᠨᠢ ᠰᠢᠷᠦᠭᠦᠨ ᠮᠠᠷᠭᠤᠭᠠᠨ ᠡᠭᠦᠰᠬᠡᠵᠦ ᠪᠠᠶ᠋ᠢᠬᠤ ᠶᠤᠮ᠃ ᠲᠡᠳᠡᠨ ᠦ ᠳᠤᠮᠳᠠ ᠠᠴᠠ ᠬᠡᠨ ᠨᠢᠭᠡ ᠨᠢ ᠬᠤᠷᠳᠤ ᠬᠦᠴᠦ ᠪᠡᠨ ᠠᠰᠢᠭᠯᠠᠨ ᠰᠤᠭᠤᠷᠠᠨ ᠭᠠᠷᠴᠤ ᠭᠦᠶᠦᠭᠰᠡᠭᠡᠷ ᠬᠦᠷᠴᠦ ᠢᠷᠡᠭᠡᠳ᠂ ᠨᠢᠭᠡ ᠬᠠᠭᠠᠯᠤᠭᠰᠠᠨ ᠲᠦᠯᠡᠭᠡᠨ ᠦ ᠳᠠᠶ᠋ᠢᠲᠠᠢ ᠮᠣᠳᠣ ᠠᠪᠴᠢᠷᠠᠵᠤ ᠨᠢᠭᠡ ᠬᠦᠮᠦᠨ ᠳ᠋ᠦ ᠥᠭᠭᠦᠨ᠎ᠡ᠃ ᠡᠨᠡ ᠮᠣᠳᠣ ᠠᠪᠴᠤ ᠢᠷᠡᠭᠰᠡᠨ ᠬᠦᠮᠦᠨ ᠦ ᠪᠠᠭ ᠡᠨᠡᠬᠦ ᠲᠣᠭᠯᠠᠭᠠᠮ ᠳᠤ ᠬᠣᠵᠢᠵᠤ ᠪᠠᠶ᠋ᠢᠭ᠎ᠠ ᠶᠤᠮ᠃
ᠲᠣᠭᠯᠠᠭᠠᠮ ᠤᠨ ᠵᠣᠷᠢᠯᠭ᠎ᠠ[засварлах | кодоор засварлах]
ᠴᠦ᠋ ᠮᠣᠳᠤ ᠬᠠᠶᠠᠭᠰᠠᠨ ᠤ ᠳᠠᠷᠠᠭ᠎ᠠ |
ᠴᠦ᠋ ᠬᠠᠶᠠᠬᠤ ᠨᠢ ᠰᠥᠨᠢ ᠶ᠋ᠢᠨ ᠴᠠᠭ ᠲᠤ ᠬᠣᠶᠠᠷ ᠪᠠᠷᠢᠮ ᠣᠷᠴᠢᠮ ᠬᠡᠮᠵᠢᠶᠡᠨ ᠦ ᠮᠣᠳᠣ ᠶ᠋ᠢ ᠰᠢᠳᠡᠵᠦ᠂ ᠲᠡᠭᠦᠨ ᠢ ᠡᠷᠢᠵᠦ ᠤᠯᠬᠤ᠂ ᠪᠤᠯᠢᠶᠠᠯᠳᠤᠨ ᠲᠡᠮᠡᠴᠡᠯᠳᠦᠬᠦ᠂ ᠮᠣᠩᠭᠣᠯᠴᠤᠳ ᠤᠨ ᠤᠯᠠᠮᠵᠢᠯᠠᠯᠲᠤ ᠨᠢᠭᠡᠨ ᠵᠦᠢᠯ ᠲᠣᠭᠯᠠᠭᠠᠮ᠃[2]
- ᠴᠠᠭᠠᠨ ᠮᠣᠳᠣ ᠬᠠᠶᠠᠶ᠋ᠠ ᠠ᠋! ᠭᠡᠵᠦ ᠬᠠᠰᠬᠢᠷᠬᠤ ᠳᠤ ᠬᠣᠲᠠ ᠰᠠᠭᠠᠬᠠᠯᠲᠠ ᠶ᠋ᠢᠨ ᠬᠡᠦᠬᠡᠳ ᠦᠳ᠂ ᠲᠣᠮᠣᠴᠤᠤᠯ ᠴᠥᠮ ᠴᠤᠭᠯᠠᠵᠤ ᠢᠷᠡᠵᠡᠭᠡᠨ ᠬᠣᠶᠠᠷ ᠲᠠᠯ᠎ᠠ ᠪᠣᠯᠤᠨ ᠲᠣᠭᠯᠠᠳᠠᠭ ᠪᠠᠶ᠋ᠢᠵᠠᠢ᠃ “ᠴᠦ᠋᠌” ᠮᠣᠳᠣ ᠶ᠋ᠢ ᠋ᠴᠥᠭᠡᠯᠡᠳᠡᠭᠴᠢ ᠬᠠᠶᠠᠭᠰᠠᠨ ᠤ ᠳᠠᠷᠠᠭ᠎ᠠ ᠲᠣᠭᠯᠠᠭᠴᠢᠳ ᠤᠨᠠᠵᠤ ᠣᠶ᠋ᠢᠴᠢᠬᠰᠠᠨ ᠴᠢᠮᠡᠭᠡ ᠪᠡᠷ ᠨᠢ ᠶᠠᠪᠤᠵᠤ ᠡᠷᠢᠵᠦ ᠣᠯᠤᠨ᠎ᠠ᠃ ᠣᠯᠤᠭᠰᠠᠨ ᠴᠦ᠋᠌ ᠪᠡᠨ ᠬᠣᠶᠠᠷ ᠲᠠᠯ᠎ᠠ ᠪᠤᠯᠢᠶᠠᠴᠠᠯᠳᠤᠵᠤ ᠠᠯᠢ ᠬᠦᠴᠦᠲᠡᠢ ᠨᠢ ᠠᠪᠴᠤ᠂ ᠴᠥᠭᠡᠯᠡᠳᠡᠭᠴᠢ ᠳᠦ ᠠᠪᠴᠢᠷᠠᠵᠤ ᠥᠭᠭᠦᠭᠰᠡᠨ ᠢᠶ᠋ᠡᠷ ᠬᠣᠵᠢᠨ᠎ᠠ᠃
ᠲᠣᠭᠯᠠᠭᠠᠮ ᠤᠨ ᠳᠦᠷᠢᠮ[засварлах | кодоор засварлах]
ᠴᠦ᠋ ᠮᠣᠳᠤ ᠶ᠋᠋ᠢ ᠬᠠᠶᠠᠵᠤ ᠪᠠᠶ᠋᠋ᠢᠭ᠎ᠠ ᠨᠢ |
ᠵᠤᠨ᠂ ᠨᠠᠮᠤᠷ ᠤᠨ ᠳᠤᠯᠠᠭᠠᠨ ᠴᠠᠭ ᠲᠤ ᠰᠠᠷ᠎ᠠ ᠲᠠᠢ ᠰᠥᠨᠢ ᠦᠬᠡᠷ᠂ ᠬᠣᠨᠢ ᠪᠠᠨ ᠬᠣᠲᠠᠯᠠᠭᠤᠯᠤᠭᠰᠠᠨ ᠤ ᠪᠠᠨ ᠳᠠᠷᠠᠭ᠎ᠠ ᠣᠶ᠋ᠢᠷ᠎ᠠ ᠰᠠᠭᠠᠬᠠᠯᠲᠠ ᠶ᠋ᠢᠨ ᠬᠡᠦᠬᠡᠳ ᠵᠠᠯᠠᠭᠤᠴᠤᠳ ᠴᠤᠭᠯᠠᠨ᠂ ᠬᠣᠶᠠᠷ ᠪᠠᠭ ᠪᠣᠯᠵᠤ ᠬᠤᠪᠢᠶᠠᠭᠳᠠᠨ᠎ᠠ᠃ ᠨᠢᠭᠡ᠂ ᠬᠣᠶᠠᠷ ᠬᠦᠮᠦᠨ ᠲᠣᠭᠯᠠᠭᠠᠮ ᠢ ᠵᠣᠬᠢᠶᠠᠨ ᠪᠠᠶ᠋ᠢᠭᠤᠯᠬᠤ᠂ ᠰᠢᠭᠦᠬᠦ ᠡᠭᠦᠷᠭᠡ ᠭᠦᠢᠴᠡᠳᠭᠡᠨ᠎ᠡ᠃ ᠨᠢᠭᠡ ᠬᠦᠮᠦᠨ ᠴᠥᠭᠡᠯᠡᠳᠡᠭᠴᠢ ᠪᠣᠯᠵᠤ ᠬᠠᠷᠠᠩᠭᠤᠢ ᠳᠤ ᠭᠠᠵᠠᠷ ᠠᠴᠠ ᠢᠯᠭᠠᠷᠠᠵᠤ ᠬᠠᠷᠠᠭᠳᠠᠬᠤ ᠴᠠᠭᠠᠨ ᠥᠩᠭᠡ ᠶ᠋ᠢᠨ ᠮᠣᠳᠣ ᠠᠪᠴᠤ ᠨᠡᠯᠢᠶᠡᠳ ᠵᠠᠶ᠋ᠢᠲᠠᠢ ᠶᠠᠪᠤᠭᠠᠳ᠂ ᠮᠣᠳᠣ ᠶ᠋ᠢ ᠨᠢᠭᠡ ᠭᠠᠵᠠᠷ ᠰᠢᠳᠡᠴᠢᠬᠡᠭᠡᠳ ᠢᠷᠡᠨ᠎ᠡ᠃ ᠢᠩᠭᠢᠭᠡᠳ ᠬᠣᠶᠠᠷ ᠪᠠᠭ ᠤᠨ ᠬᠦᠮᠦᠰ ᠪᠥᠭᠡᠮ ᠢᠶ᠋ᠡᠷ ᠢᠶ᠋ᠡᠨ ᠴᠠᠭᠠᠨ ᠮᠣᠳᠣᠨ ᠤ ᠡᠷᠢᠯ ᠳᠦ ᠭᠠᠷᠤᠨ᠎ᠠ᠃ ᠴᠠᠭᠠᠨ ᠮᠣᠳᠣ ᠶ᠋ᠢ ᠣᠯᠤᠭᠠᠳ ᠠᠷᠭ᠎ᠠ ᠵᠠᠯᠢ᠂ ᠬᠤᠷᠳᠤ ᠬᠦᠴᠦ ᠪᠦᠬᠦ ᠪᠣᠯᠤᠮᠵᠢ ᠪᠠᠨ ᠠᠰᠢᠭᠯᠠᠨ ᠶᠠᠮᠪᠠᠷ ᠨᠢᠭᠡ ᠠᠷᠭ᠎ᠠ ᠪᠠᠷ ᠴᠥᠭᠡᠯᠳᠡᠭᠴᠢ ᠶ᠋ᠢᠨ ᠭᠠᠷ ᠲᠤ ᠠᠪᠴᠢᠷᠠᠵᠤ ᠥᠭᠭᠦᠭᠰᠡᠨ ᠪᠠᠭ ᠲᠣᠭᠯᠠᠭᠠᠮ ᠳᠤ ᠬᠣᠵᠢᠨ᠎ᠠ᠃ ᠭᠡᠬᠦ ᠳᠦ ᠪᠡᠨ ᠬᠠᠷᠠᠩᠭᠤᠢ ᠰᠥᠨᠢ ᠲᠣᠭᠯᠠᠵᠤ ᠪᠠᠶ᠋ᠢᠭ᠎ᠠ ᠲᠤᠯᠠ ᠡᠷᠦᠰᠳᠡᠯ ᠥᠨᠳᠥᠷ᠃
ᠮᠣᠳᠣᠨ ᠤ ᠡᠷᠢᠯ ᠳᠦ ᠭᠠᠷᠤᠭᠰᠠᠨ ᠬᠦᠮᠦᠰ ᠮᠣᠳᠣ ᠶ᠋ᠢ ᠬᠠᠶ᠋ᠢᠬᠤ ᠶ᠋ᠢᠨ ᠵᠡᠷᠭᠡᠴᠡᠭᠡ ᠨᠢᠭᠡ ᠨᠢᠭᠡᠨ ᠢ ᠪᠡᠨ ᠠᠩᠬᠠᠷᠤᠯ ᠲᠠᠢ ᠠᠵᠢᠭᠯᠠᠵᠤ ᠶᠠᠪᠤᠨ᠎ᠠ᠃ ᠮᠣᠳᠣ ᠶ᠋ᠢ ᠣᠯᠤᠭᠰᠠᠨ ᠬᠦᠮᠦᠨ ᠨᠥᠭᠥᠭᠡ ᠪᠠᠭ ᠶ᠋ᠢᠨ ᠬᠢᠨ ᠳᠤ ᠮᠡᠳᠡᠭᠳᠡᠯ ᠦᠭᠡᠢ ᠭᠠᠵᠠᠷ ᠠᠴᠠ ᠠᠪᠤᠭᠠᠳ ᠮᠡᠳᠡᠭᠳᠡᠯ ᠦᠭᠡᠢ ᠶᠠᠪᠤᠭᠰᠠᠭᠠᠷ ᠬᠣᠵᠢᠬᠤ ᠶ᠋ᠢ ᠪᠣᠳᠣᠨ᠎ᠠ᠃ ᠮᠡᠳᠡᠭᠳᠡᠪᠡᠯ ᠬᠠᠷ᠎ᠠ ᠡᠷᠴᠢ ᠪᠡᠷ ᠢᠶ᠋ᠡᠨ ᠭᠦᠶᠦᠨ᠎ᠡ᠂ ᠪᠤᠯᠳᠠᠨᠠ᠂ ᠪᠠᠭ ᠤᠨ ᠬᠢᠨ ᠳᠤ ᠪᠠᠨ ᠳᠠᠮᠵᠢᠭᠤᠯᠤᠨ᠎ᠠ᠂ ᠥᠷᠢᠰᠦᠯᠳᠦᠭᠴᠢ ᠳᠦ ᠪᠡᠨ ᠪᠠᠷᠢᠭᠳᠠᠪᠠᠯ ᠠᠯᠳᠠᠬᠤ ᠦᠭᠡᠢ ᠶ᠋ᠢᠨ ᠲᠤᠯᠠᠳᠠ ᠨᠣᠴᠣᠯᠳᠤᠨ᠎ᠠ᠃ ᠪᠦᠷᠢ ᠵᠠᠷᠢᠮ ᠨᠢ ᠣᠯᠤᠭᠠᠳᠤᠢ ᠪᠠᠶ᠋ᠢᠵᠤ ᠣᠯᠤᠭᠰᠠᠨ ᠪᠣᠯᠵᠤ ᠭᠦᠶᠦᠨ᠎ᠡ᠂ ᠬᠦᠮᠦᠰ ᠠᠷᠤ ᠠᠴᠠ ᠨᠢ ᠬᠥᠭᠡᠭᠡᠨ᠎ᠡ᠂ ᠵᠢᠭᠤᠲᠠᠭᠠᠨᠠ᠃ ᠵᠠᠷᠢᠮ ᠨᠢ ᠥᠭᠡᠷ᠎ᠡ ᠮᠣᠳᠣ ᠣᠯᠴᠢᠬᠠᠭᠠᠳ ᠲᠡᠷᠡ ᠶ᠋ᠢ ᠪᠡᠨ ᠪᠠᠷᠢᠭᠠᠳ ᠭᠦᠶᠦᠨ᠎ᠡ᠂ ᠣᠷᠢᠯᠠᠨ᠎ᠠ᠂ ᠬᠠᠰᠬᠢᠷᠤᠨ᠎ᠠ᠂ ᠬᠦᠮᠦᠰ ᠢ ᠠᠯᠪᠠ ᠪᠠᠷ ᠬᠠᠭᠤᠷᠤᠨ᠎ᠠ᠃ ᠵᠠᠷᠢᠮ ᠨᠢ ᠮᠥᠨ ᠭᠡᠵᠦ ᠪᠣᠳᠣᠭᠠᠳ ᠪᠥᠭᠡᠮ ᠶᠠᠭᠤᠮ᠎ᠠ ᠪᠣᠯᠵᠤ ᠠᠪᠠᠴᠢᠵᠤ ᠥᠭᠭᠦᠲᠡᠯᠡ ᠨᠥᠭᠥᠭᠡ ᠮᠣᠳᠣ ᠨᠢ ᠪᠢᠰᠢ ᠪᠠᠶ᠋ᠢᠨ᠎ᠠ᠃ ᠶᠡᠷᠦᠩᠬᠡᠢ ᠳᠦ ᠪᠡᠨ ᠬᠦᠴᠦᠲᠡᠢ ᠬᠤᠷᠳᠤ ᠲᠠᠢ ᠵᠠᠯᠠᠭᠤᠴᠤᠳ ᠲᠣᠭᠯᠠᠭᠠᠮ ᠤᠨ ᠭᠣᠣᠯ ᠳᠤ ᠲᠣᠭᠯᠠᠵᠤ ᠪᠠᠶ᠋ᠢᠳᠠᠭ ᠪᠣᠯ ᠵᠠᠷᠢᠮ ᠨᠢᠭᠡ ᠨᠢ ᠰᠢᠷᠦᠭᠦᠨ ᠥᠷᠢᠰᠦᠯᠳᠦᠭᠡᠨ ᠳᠦ ᠣᠷᠣᠬᠤ ᠦᠭᠡᠢ᠂ ᠬᠠᠷᠢᠨ ᠲᠡᠷᠡ ᠠᠪᠤᠭᠠᠳ ᠶᠠᠪᠤᠴᠢᠬᠠᠯ᠎ᠠ᠂ ᠲᠡᠨᠳᠡ ᠪᠠᠶ᠋ᠢᠨ᠎ᠠ ᠭᠡᠬᠦ ᠮᠡᠲᠦ ᠪᠡᠷ ᠬᠠᠰᠬᠢᠷᠤᠨ᠎ᠠ᠃ ᠵᠠᠷᠢᠮ ᠨᠢ ᠪᠦᠷ ᠬᠠᠷᠠᠩᠭᠤᠢ ᠳᠤ ᠶᠠᠭᠤ ᠪᠣᠯᠤᠭᠠᠳ ᠥᠩᠭᠡᠷᠡᠭᠰᠡᠨ ᠢ ᠴᠤ ᠣᠶ᠋ᠢᠯᠠᠭᠠᠵᠤ ᠠᠮᠵᠢᠬᠤ ᠦᠭᠡᠢ᠃[3]
ᠴᠠᠭᠠᠨ ᠮᠣᠳᠣᠨ ᠤ ᠲᠥᠯᠥᠭᠡ ᠥᠷᠢᠰᠦᠯᠳᠡᠬᠦ ᠦᠶ᠋ᠡ ᠳᠦ ᠴᠤᠬᠢᠬᠤ᠂ ᠢᠰᠭᠦᠯᠬᠦ᠂ ᠥᠴᠢᠬᠦ᠂ ᠪᠣᠭᠣᠬᠤ᠂ ᠭᠦᠶᠦᠵᠦ ᠪᠠᠶ᠋ᠢᠬᠤ ᠳᠤ ᠨᠢ ᠳᠡᠭᠡᠭᠡᠳᠡᠬᠦ ᠵᠡᠷᠭᠡ ᠦᠢᠯᠡᠳᠦᠯ ᠢ ᠬᠠᠲᠠᠭᠤ ᠬᠣᠷᠢᠭᠯᠠᠨ᠎ᠠ᠃ ᠡᠶ᠋ᠢᠮᠦ ᠦᠢᠯᠡᠳᠦᠯ ᠭᠠᠷᠭᠠᠭᠰᠠᠨ ᠲᠣᠭᠯᠠᠭᠴᠢ ᠶ᠋ᠢ ᠰᠢᠭᠦᠭᠴᠢᠳ ᠲᠤᠬᠠᠢ ᠶ᠋ᠢᠨ ᠲᠣᠭᠯᠠᠯᠲᠠ ᠠᠴᠠ ᠬᠠᠰᠤᠳᠠᠭ᠃ ᠲᠡᠶ᠋ᠢᠨᠬᠦᠦ ᠬᠠᠰᠤᠭᠳᠠᠭᠰᠠᠨ ᠲᠣᠭᠯᠠᠭᠴᠢ ᠶ᠋ᠢᠨ ᠪᠠᠭ ᠨᠢᠭᠡ ᠭᠡᠰᠢᠭᠦᠨ ᠳᠤᠲᠠᠭᠤ ᠲᠣᠭᠯᠠᠬᠤ ᠳᠤ ᠬᠦᠷᠡᠨ᠎ᠡ᠃
ᠡᠬᠢ ᠰᠤᠷᠪᠤᠯᠵᠢ[засварлах | кодоор засварлах]
- ↑ ᠮᠥᠩᠬᠡ-ᠢᠯᠠᠯᠲᠠ᠃ ᠲᠣᠭᠯᠠᠭᠠᠮ ᠨᠠᠭᠠᠳᠤᠮ᠄ ᠤᠯᠠᠮᠵᠢᠯᠠᠯᠲᠤ᠃ 2012/02/28. https᠄//national.blogmn.net/84010
- ↑ ᠮᠣᠩᠭᠣᠯ ᠬᠡᠯᠡᠨ ᠦ ᠶ᠋ᠡᠬᠡ ᠲᠠᠶ᠋ᠢᠯᠪᠤᠷᠢ ᠲᠣᠯᠢ᠃ 2016. https᠄//mongoltoli.mn/dictionary/detail/125707
- ↑ ᠶ᠋ᠣ᠊ ∙ ᠷᠢᠨᠴᠢᠨᠳᠣᠷᠵᠢ᠃ ᠮᠣᠩᠭᠣᠯ ᠤᠨ ᠬᠥᠷᠥᠩᠭᠡ ᠶ᠋ᠢᠨ ᠪᠢᠷᠵᠢ ᠶ᠋ᠢᠨ ᠠᠷᠠᠯᠵᠢᠶ᠋ᠠ ᠪᠣᠯ ᠴᠦ᠋ ᠬᠠᠶᠠᠬᠤ ᠲᠣᠭᠯᠠᠭᠠᠮ ᠶᠤᠮ᠃ 2011/11/29 https᠄//rentsendorj.wordpress.com/2011/11/29/%D0%BC%D0%BE%D0%BD%D0%B3%D0%BE%D0%BB%D1%8B%D0%BD-%D1%85%D3%A9%D1%80%D3%A9%D0%BD%D0%B3%D0%B8%D0%B9%D0%BD-%D0%B1%D0%B8%D1%80%D0%B6%D0%B8%D0%B9%D0%BD-%D0%B0%D1%80%D0%B8%D0%BB%D0%B6%D0%B0%D0%B0-%D0%B1