Jump to content

"ᠤᠷᠠᠨ ᠪᠠᠷᠢᠯᠭ ᠊ᠠ᠋ ᠊ᠢᠢᠨ ᠲᠡᠦᠬᠡ"-ны өөр хувилбарууд

Layout
(Category)
(Layout)

4-р мөр: 4-р мөр:
|text=ᠮᠣᠩᠭᠣᠯ ᠦ᠋ᠨ ᠤᠷᠠᠨ ᠪᠠᠷᠢᠯᠭ᠎ ‍ᠠ᠋ ᠶ᠋ᠢᠨ ᠳᠡᠭᠡᠵᠢ
ᠮᠡᠯᠮᠡᠶ ᠪᠡᠷ ᠪᠣᠯᠭᠤᠭᠠᠭᠴᠢ ᠶ᠋ᠢᠨ ᠰᠦᠮᠡ

ᠮᠣᠩᠭᠣᠯ ᠤᠨ ᠤᠷᠠᠨ ᠪᠠᠷᠢᠯᠭ᠎ᠠ ᠳᠤ ᠡᠨᠡᠳᠬᠡᠭ ᠦᠨ ᠤᠷᠠᠨ ᠪᠠᠷᠢᠯᠭ᠎ᠠ ᠶᠢᠨ ᠨᠥᠯᠥᠭᠡ ᠪᠠᠶᠢᠭᠰᠠᠨ ᠪᠣᠯᠪᠠᠴᠤ ᠮᠣᠩᠭᠣᠯ ᠣᠷᠣᠨ ᠤ ᠥᠪᠡᠷᠮᠢᠴᠡ ᠠᠷᠭ᠎ᠠ ᠪᠠᠷᠢᠯ ᠲᠠᠢ᠂ ᠦᠨᠳᠦᠰᠦᠨ ᠦ ᠬᠡᠯᠪᠡᠷᠢ ᠲᠡᠢ ᠤᠷᠠᠨ ᠪᠠᠷᠢᠯᠭ᠎ᠠ ᠶᠢᠨ ᠤᠬᠠᠭᠠᠨ ᠠᠯᠬᠤᠮ ᠠᠯᠬᠤᠮ ᠢᠶᠠᠷ ᠬᠥᠭᠵᠢᠵᠦ ᠪᠠᠶᠢᠭᠰᠠᠨ ᠨᠢ ᠰᠦᠮ᠎ᠡ ᠳᠤᠭᠠᠩ ᠣᠯᠠᠨ ᠢᠶᠠᠷ ᠪᠠᠷᠢᠬᠤ ᠱᠠᠭᠠᠷᠳᠠᠯᠭ᠎ᠠ ᠲᠠᠢ ᠰᠠᠯᠤᠰᠢ ᠦᠭᠡᠢ ᠬᠣᠯᠪᠣᠭ᠎ᠠ ᠲᠠᠢ ᠠᠵᠢ᠃ XIII-XIX ᠵᠠᠭᠤᠨ ᠤ ᠦᠶ᠎ᠡ ᠳᠦ ᠭᠠᠷᠤᠭᠰᠠᠨ ᠮᠣᠩᠭᠣᠯ ᠤᠨ ᠨᠣᠮ ᠵᠣᠬᠢᠶᠠᠯ ᠳᠤ ᠱᠠᠰᠢᠨ ᠤ ᠬᠢᠭᠡᠳ ᠢᠷᠭᠡᠨ ᠦ ᠪᠠᠷᠢᠯᠭ᠎ᠠ ᠪᠠᠶᠢᠭᠤᠯᠤᠮᠵᠢ ᠶᠢ ᠪᠠᠷᠢᠬᠤ ᠠᠷᠭ᠎ᠠ᠂ ᠠᠵᠢᠯᠯᠠᠭᠠᠨ ᠤ ᠲᠠᠯ᠎ᠠ ᠪᠠᠷ ᠪᠢᠴᠢᠭᠳᠡᠭᠰᠡᠨ ᠪᠠᠶᠢᠳᠠᠭ᠃ ᠵᠢᠱᠢᠶ᠎ᠡ ᠨᠢ ᠬVI ᠵᠠᠭᠤᠨ ᠤ ᠦᠶ᠎ᠡ ᠳᠦ ᠠᠮᠢᠳᠤᠷᠠᠵᠤ ᠪᠠᠶᠢᠭᠰᠠᠨ ᠵᠠᠮᠢᠶᠠᠨ ᠰᠢᠳᠠᠪ ᠤᠨ ᠪᠦᠲᠦᠭᠡᠯ ᠢ ᠳᠤᠷᠠᠳᠴᠤ ᠪᠣᠯᠤᠨ᠎ᠠ᠃ ᠲᠡᠭᠦᠨ ᠦ ᠪᠦᠲᠦᠭᠡᠯ ᠳᠦ ᠪᠠᠷᠢᠯᠭ᠎ᠠ ᠪᠠᠷᠢᠬᠤ ᠭᠠᠵᠠᠷ ᠰᠣᠩᠭᠣᠵᠤ ᠠᠪᠬᠤ ᠳᠤ ᠪᠠᠨ ᠶᠡᠬᠡᠬᠡᠨ ᠠᠩᠬᠠᠷᠤᠯ ᠢᠶᠠᠨ ᠬᠠᠨᠳᠤᠭᠤᠯᠳᠠᠭ ᠪᠠᠶᠢᠭᠰᠠᠨ ᠪᠣᠯ ᠠᠭᠸᠠᠩᠰᠡᠷᠡᠩ ᠦᠨ ᠪᠦᠲᠦᠭᠡᠯ ᠳᠦ ᠰᠦᠮ᠎ᠡ ᠳᠤᠭᠠᠩ ᠪᠠᠷᠢᠬᠤ ᠠᠷᠭ᠎ᠠ ᠠᠵᠢᠯᠯᠠᠭᠠᠨ ᠤ ᠲᠠᠯ᠎ᠠ ᠪᠠᠷ ᠳᠡᠯᠭᠡᠷᠡᠩᠭᠦᠢ ᠦᠭᠦᠯᠡᠭᠰᠡᠨ ᠪᠠᠶᠢᠳᠠᠭ᠃ ᠮᠥᠨ ᠡᠷᠬᠡ ᠪᠠᠷᠢᠭᠴᠢ᠂ ᠯᠠᠮᠠ ᠨᠠᠷ ᠠᠴᠠ ᠤᠷᠠᠨ ᠪᠠᠷᠢᠯᠭᠠᠴᠢᠳ ᠢ ᠪᠡᠯᠡᠳᠬᠡᠬᠦ ᠠᠵᠢᠯ ᠳᠤ ᠶᠡᠬᠡᠬᠡᠨ ᠠᠩᠬᠠᠷᠴᠤ ᠶᠡᠬᠡ ᠬᠦᠷᠢᠶ᠎ᠡ᠂ ᠵᠠᠶ᠎ᠠ ᠶᠢᠨ ᠬᠦᠷᠢᠶ᠎ᠡ᠂ ᠶᠡᠬᠡ ᠲᠠᠮᠢᠷ ᠤᠨ ᠬᠦᠷᠢᠶ᠎ᠡ᠂ ᠪᠡᠷ᠎ᠡᠪᠡᠩ ᠬᠡᠶᠢᠳ ᠲᠦ ᠮᠡᠷᠭᠡᠵᠢᠯ ᠲᠡᠢ ᠤᠷᠠᠨ ᠪᠠᠷᠢᠯᠭᠠᠴᠢ᠂ ᠵᠢᠷᠤᠭᠠᠴᠢ᠂ ᠪᠠᠷᠢᠮᠠᠯᠴᠢᠳ ᠢ ᠪᠡᠯᠡᠳᠬᠡᠳᠡᠭ ᠲᠤᠰᠬᠠᠢ ᠳ᠋ᠠᠴᠠᠩᠭ᠎ᠠ ᠨᠤᠭᠤᠳ ᠴᠤ ᠪᠠᠶᠢᠳᠠᠭ ᠪᠠᠶᠢᠭᠰᠠᠨ ᠠᠵᠢ᠃ ᠨᠡᠷ᠎ᠡ ᠨᠢ ᠲᠣᠳᠣᠷᠠᠭ᠎ᠠ ᠦᠭᠡᠢ ᠤᠷᠠᠨ ᠪᠠᠷᠢᠯᠭᠠᠴᠢᠳ ᠤᠨ ᠪᠦᠲᠦᠭᠡᠭᠰᠡᠨ ᠣᠯᠠᠨ ᠮᠢᠩᠭᠠᠨ ᠰᠦᠮ᠎ᠡ ᠳᠤᠭᠠᠩ ᠠᠴᠠ ᠥᠨᠥ ᠶᠢ ᠬᠦᠷᠲᠡᠯ᠎ᠡ ᠵᠠᠷᠢᠮ ᠬᠡᠰᠡᠭ ᠨᠢ ᠦᠯᠡᠳᠡᠵᠦ ᠲᠡᠭᠦᠨ ᠢ ᠠᠷᠠᠳ ᠤᠨ ᠤᠷᠠᠨ ᠪᠠᠷᠢᠯᠭ᠎ᠠ ᠶᠢᠨ ᠳᠤᠷᠠᠰᠬᠠᠯ ᠬᠡᠮᠡᠨ ᠦᠵᠡᠵᠦ ᠤᠯᠤᠰ ᠤᠨ ᠬᠠᠮᠠᠭᠠᠯᠠᠯᠲᠠ ᠳᠤ ᠠᠪᠴᠠᠢ᠃ ᠡᠳᠡᠨ ᠦ ᠳᠣᠲᠣᠷ᠎ᠠ ᠠᠴᠠ ᠬᠠᠮᠤᠭ ᠤᠨ ᠠᠯᠳᠠᠷᠲᠠᠢ ᠨᠢ ᠡᠷᠳᠡᠨᠢᠵᠤᠤ ᠬᠡᠶᠢᠳ ᠶᠤᠮ᠃ ᠲᠡᠦᠬᠡ ᠶᠢᠨ ᠣᠯᠠᠨ ᠪᠦᠲᠦᠭᠡᠯ ᠳᠦ ᠡᠨᠡ ᠬᠡᠶᠢᠳ ᠢ 1586 ᠣᠨ ᠳᠤ ᠪᠠᠶᠢᠭᠤᠯᠤᠭᠰᠠᠨ ᠭᠡᠵᠦ ᠦᠵᠡᠳᠡᠭ᠃ ᠭᠡᠲᠡᠯ᠎ᠡ 《ᠡᠷᠳᠡᠨᠢᠵᠤᠤ ᠶᠢᠨ ᠲᠡᠦᠬᠡ》 ᠍ ᠳᠤ 《1585 ᠣᠨ ᠳᠤ ᠵᠠᠰᠠᠪᠤᠷᠢ ᠶᠢᠨ ᠠᠵᠢᠯ ᠬᠢᠵᠦ ᠪᠠᠶᠢᠭᠰᠠᠨ》 ᠭᠡᠳᠡᠭ ᠡᠴᠡ ᠦᠵᠡᠪᠡᠯ ᠨᠡᠯᠢᠶᠡᠳ ᠡᠷᠲᠡᠨ ᠡᠴᠡ ᠡᠬᠢᠯᠡᠨ ᠪᠠᠷᠢᠭᠰᠠᠨ ᠪᠣᠯᠤᠯᠲᠠᠢ᠃ ᠨᠢᠭᠡᠨ ᠶᠡᠬᠡ ᠪᠢᠴᠢᠭ ᠲᠦ 《ᠲᠠᠬᠢᠶ᠎ᠠ ᠵᠢᠯ ᠳᠦ ᠪᠤᠶᠤ 1585 ᠣᠨ ᠳᠤ ᠲᠠᠬᠠᠢ ᠬᠣᠲᠠᠬᠠᠨ ᠳᠤ ᠪᠠᠭ᠎ᠠ ᠣᠷᠳᠣᠨ ᠤ ᠳᠡᠭᠡᠳᠦ ᠳᠠᠪᠬᠤᠷ ᠢ ᠵᠠᠰᠠᠴᠢ᠂ ᠨᠣᠬᠠᠢ ᠵᠢᠯ ᠳᠦ ᠪᠤᠶᠤ 1586 ᠣᠨ ᠳᠤ ᠳᠡᠭᠡᠪᠦᠷ ᠢ ᠨᠢ ᠬᠢᠵᠦ᠂ ᠤᠯᠠᠭᠴᠢᠨ ᠭᠠᠬᠠᠢ ᠵᠢᠯ ᠳᠦ ᠪᠤᠶᠤ 1599 ᠣᠨ ᠳᠤ ᠬᠡᠳᠦ ᠬᠡᠳᠦᠨ ᠳᠤᠭᠠᠩ ᠪᠠᠷᠢᠵᠤ᠂ ᠨᠡᠶᠢᠲᠡ ᠪᠡᠷ ᠨᠢ 》ᠪᠠᠲᠤ-ᠡᠷᠳᠡᠨᠢᠵᠤᠤ《 ᠭᠡᠵᠦ ᠨᠡᠷᠡᠯᠡᠬᠦ ᠪᠣᠯᠤᠭᠰᠠᠨ ᠭᠡᠵᠦ ᠦᠭᠦᠯᠡᠭᠰᠡᠨ ᠪᠠᠶᠢᠳᠠᠭ᠃ ᠡᠷᠳᠡᠨᠢᠵᠤᠤ ᠬᠡᠶᠢᠳ ᠢ ᠬᠡᠳᠦᠢ ᠪᠡᠷ ᠤᠷᠤᠰᠬᠠᠯ ᠢᠶᠠᠷ ᠪᠠᠶᠢᠭᠤᠯᠤᠭᠰᠠᠨ ᠪᠣᠯᠪᠠᠴᠤ ᠲᠡᠷᠡ ᠦᠶ᠎ᠡ ᠳᠦ ᠱᠠᠰᠢᠨ ᠰᠦᠮ᠎ᠡ ᠬᠡᠶᠢᠳ ᠢ ᠪᠠᠷᠢᠬᠤ ᠳᠤ ᠳᠠᠭᠠᠳᠠᠭ ᠪᠠᠶᠢᠭᠰᠠᠨ ᠲᠣᠳᠣᠷᠬᠠᠢ ᠠᠷᠭ᠎ᠠ ᠶᠢ ᠪᠠᠷᠢᠮᠲᠠᠯᠠᠳᠠᠭ ᠪᠠᠶᠢᠭᠰᠠᠨ ᠨᠢ ᠬᠠᠷᠠᠭᠳᠠᠳᠠᠭ ᠠᠵᠢ᠃ ᠬᠡᠶᠢᠳ ᠦᠨ ᠭᠣᠣᠯ ᠭᠤᠷᠪᠠᠨ ᠳᠤᠭᠠᠩ ᠨᠢ ᠶᠡᠬᠡ ᠵᠤᠤ᠂ ᠪᠠᠷᠠᠭᠤᠨ ᠵᠤᠤ᠂ ᠵᠡᠭᠦᠨ ᠵᠤᠤ ᠪᠥᠭᠡᠳ ᠡᠳᠡᠨ ᠢ 1796-1798 ᠣᠨ ᠳᠤ ᠬᠠᠮᠤᠭ ᠤᠨ ᠬᠦᠨᠳᠦᠳᠬᠡᠯᠲᠡᠢ ᠭᠠᠵᠠᠷ ᠪᠠᠷᠢᠵᠠᠢ᠃ ᠲᠡᠳᠡᠨ ᠦ ᠡᠮᠦᠨ᠎ᠡ ᠲᠠᠯ᠎ᠠ ᠳᠤ ᠴᠠᠮ ᠤᠨ ᠶᠣᠰᠣᠯᠠᠯ ᠤᠨ ᠲᠠᠯᠠᠪᠠᠢ ᠪᠠᠶᠢᠭᠤᠯᠵᠤ ᠡᠨᠡ ᠭᠤᠷᠪᠠᠨ ᠳᠤᠭᠠᠩ ᠤᠨ ᠣᠶᠢᠷᠠᠯᠴᠠᠭ᠎ᠠ ᠲᠣᠭᠣᠷᠢᠭᠤᠯᠤᠨ ᠶᠡᠬᠡᠰ ᠳᠡᠭᠡᠳᠦᠰ ᠦᠨ ᠰᠠᠭᠤᠴᠠ ᠣᠷᠳᠣᠨ ᠬᠠᠷᠰᠢ ᠪᠠᠷᠢᠵᠤ ᠡᠬᠢᠯᠡᠵᠡᠢ᠃ 1803 ᠣᠨ ᠳᠤ 200x250 ᠮᠧᠲ᠋ᠷ ᠬᠡᠮᠵᠢᠶ᠎ᠡ ᠲᠡᠢ ᠳᠥᠷᠪᠡᠨ ᠬᠠᠭᠠᠯᠭ᠎ᠠ ᠲᠠᠢ ᠳᠥᠷᠪᠡᠯᠵᠢᠨ ᠰᠢᠬᠠᠮ ᠬᠡᠷᠡᠮ ᠪᠠᠷᠢᠭᠰᠠᠨ ᠪᠠᠶᠢᠨ᠎ᠠ᠃ ᠲᠡᠭᠦᠨ ᠦ ᠬᠠᠨ᠎ᠠ ᠶᠢᠨ ᠳᠠᠭᠠᠤ 108 ᠰᠤᠪᠤᠷᠭ᠎ᠠ ᠪᠣᠰᠬᠠᠵᠠᠢ᠃ ᠪᠤᠳ᠋ᠳ᠋ᠬᠠ ᠶᠢᠨ ᠨᠣᠮ ᠤᠨ ᠶᠣᠰᠣᠨ ᠳᠤ 108 ᠍ ᠢ ᠠᠷᠢᠭᠤᠨ ᠲᠣᠭ᠎ᠠ ᠭᠡᠵᠦ ᠦᠵᠡᠳᠡᠭ ᠠᠵᠢ᠃ ᠬᠡᠷᠡᠮ ᠦᠨ ᠳᠣᠲᠣᠷ᠎ᠠ ᠨᠣᠶᠠᠳ᠂ ᠶᠡᠬᠡᠰ ᠳᠡᠭᠡᠳᠦᠰ ᠥᠪᠡᠷ ᠦᠨ ᠭᠡᠰᠡᠨ ᠳᠤᠭᠠᠩ ᠲᠠᠢ ᠪᠠᠶᠢᠬᠤ ᠨᠢ ᠨᠡᠷ᠎ᠡ ᠲᠥᠷᠥ ᠶᠢᠨ ᠬᠡᠷᠡᠭ ᠪᠣᠯᠵᠤ ᠲᠦᠰᠢᠭᠡᠳ ᠬᠠᠭᠠᠨ ᠤ᠂ ᠨᠣᠶᠠᠨ ᠰᠡᠸᠡᠩᠵᠠᠪ ᠤᠨ ᠳᠤᠭᠠᠩ ᠪᠠᠷᠢᠭᠳᠠᠭᠰᠠᠨ ᠲᠡᠦᠬᠡ ᠲᠡᠢ᠃ ᠤᠯᠠᠮ ᠢᠶᠠᠷ 1718-1719 ᠣᠨ ᠳᠤ ᠣᠴᠢᠷᠳᠠᠷ ᠤᠨ᠂ 1764-1770 ᠣᠨ ᠳᠤ ᠴᠣᠭᠴᠢᠨ ᠳᠤᠭᠠᠩ᠂ 1799 ᠣᠨ ᠳᠤ IV ᠪᠣᠭᠳᠠ ᠭᠡᠭᠡᠨ ᠳᠦ ᠵᠣᠷᠢᠭᠤᠯᠤᠨ ᠬᠡᠶᠢᠳ ᠦᠨ ᠬᠣᠶᠢᠳ ᠥᠨᠴᠥᠭᠲᠦ ᠨᠠᠶᠢᠮᠠᠨ ᠵᠢᠵᠢᠭ ᠰᠤᠪᠤᠷᠭ᠎ᠠ ᠪᠠᠷ ᠬᠦᠷᠢᠶᠡᠯᠡᠭᠳᠡᠭᠰᠡᠨ ᠠᠯᠲᠠᠨ ᠰᠤᠪᠤᠷᠭ᠎ᠠ ᠪᠣᠰᠬᠠᠵᠠᠢ᠃ ᠮᠥᠨ ᠲᠡᠨᠳᠡ ᠪᠠᠲᠤ-ᠥᠯᠵᠡᠢ ᠬᠡᠮᠡᠬᠦ ᠠᠪᠠ ᠲᠠᠢ ᠰᠠᠶᠢᠨ ᠬᠠᠭᠠᠨ ᠤ ᠭᠡᠷ ᠬᠡᠯᠪᠡᠷᠢᠲᠡᠢ 200 ᠬᠦᠮᠦᠨ ᠰᠠᠭᠤᠵᠤ ᠪᠣᠯᠬᠤ ᠥᠷᠭᠦᠭᠡ ᠪᠠᠷᠢᠭᠳᠠᠵᠤ ᠡᠮᠦᠨ᠎ᠡ ᠨᠢ ᠣᠷᠬᠣᠨ ᠭᠣᠣᠯ ᠤᠨ ᠤᠰᠤ ᠪᠠᠷ ᠳᠦᠭᠦᠷᠭᠡᠭᠰᠡᠨ 》ᠠᠷᠢᠭᠤᠨ ᠨᠠᠭᠤᠷ《 ᠪᠠᠶᠢᠭᠤᠯᠵᠠᠢ᠃ ᠬᠣᠵᠢᠮ ᠨᠢ ᠠᠪᠠ ᠲᠠᠢ ᠰᠠᠶᠢᠨ ᠬᠠᠭᠠᠨ᠂ ᠲᠡᠭᠦᠨ ᠦ ᠬᠡᠦ ᠲᠦᠰᠢᠶᠡᠲᠦ ᠬᠠᠭᠠᠨ ᠭᠣᠮᠪᠣᠳᠣᠷᠵᠢ ᠨᠠᠷ ᠤᠨ ᠪᠤᠩᠬᠤᠨ ᠪᠤᠢ ᠪᠣᠯᠵᠤ ᠪᠠᠶᠢᠴᠠᠢ. XIX ᠵᠠᠭᠤᠨ ᠤ 90  ᠊ᠭᠡᠳ ᠣᠨ ᠤ ᠦᠶ᠎ᠡ ᠳᠦ ᠡᠷᠳᠡᠨᠢᠵᠤᠤ ᠳᠤ ᠵᠢᠷᠭᠤᠭᠠᠨ ᠠᠶᠢᠮᠠᠭ ᠤᠨ 62 ᠳᠤᠭᠠᠩ᠂ XX ᠵᠠᠭᠤᠨ ᠤ ᠡᠬᠢᠨ ᠦᠶ᠎ᠡ ᠪᠡᠷ ᠱᠠᠰᠢᠨ ᠤ ᠪᠣᠯᠤᠭᠠᠳ ᠪᠤᠰᠤᠳ ᠪᠠᠷᠢᠯᠭ᠎ᠠ ᠪᠠᠶᠢᠭᠤᠯᠤᠮᠵᠢ 600  ᠳᠦ ᠬᠦᠷᠴᠦ ᠪᠠᠶᠢᠴᠠᠢ᠃ ᠡᠷᠳᠡᠨᠢᠵᠤᠤ ᠶᠢ ᠪᠠᠷᠢᠵᠤ ᠪᠠᠶᠢᠬᠤ ᠦᠶ᠎ᠡ ᠳᠦ ᠬᠠᠯᠬ᠎ᠠ ᠶᠢᠨ ᠳᠥᠷᠪᠡᠨ ᠠᠶᠢᠮᠠᠭ᠂ ᠲᠡᠭᠦᠨᠴᠢᠯᠡᠨ ᠥᠪᠡᠷᠮᠣᠩᠭᠣᠯ ᠠᠴᠠ ᠤᠷᠠᠴᠤᠳ ᠢᠷᠡᠵᠦ ᠪᠠᠷᠢᠵᠤ ᠲᠡᠳᠡᠨ ᠲᠡᠢ ᠬᠠᠮᠲᠤ ᠤᠷᠠᠨ ᠮᠠᠨᠽᠠᠰᠢᠷ ᠠᠵᠢᠯᠯᠠᠵᠤ ᠪᠠᠶᠢᠭᠰᠠᠨ ᠭᠡᠳᠡᠭ᠃ ᠮᠥᠨ 1701-1705 ᠣᠨ ᠳᠤ ᠤᠷᠠᠨ ᠪᠠᠷᠢᠯᠭᠠᠴᠢ ᠯᠤᠪᠰᠠᠩᠳᠠᠨᠽᠠᠨ ᠬᠡᠳᠦ ᠬᠡᠳᠦᠨ ᠳᠤᠭᠠᠩ ᠪᠠᠷᠢᠬᠤ ᠠᠵᠢᠯ ᠢ ᠤᠳᠤᠷᠢᠳᠤᠨ ᠣᠷᠣᠯᠴᠠᠵᠤ 》ᠠᠴᠢᠲᠤ ᠳᠠᠷᠬᠠᠨ ᠨᠣᠮᠴᠢ《᠂ 1759-1785 ᠣᠨ ᠳᠤ ᠠᠵᠢᠯᠯᠠᠵᠤ ᠪᠠᠶᠢᠭᠰᠠᠨ ᠳᠠᠭᠪᠠᠳᠣᠷᠵᠢ ᠳᠤ 》ᠳᠠᠷᠬᠠᠨ ᠭᠦᠦᠰᠢ ᠨᠣᠮᠴᠢ ᠴᠣᠷᠵᠢ《 ᠴᠣᠯᠠ ᠪᠠᠷ ᠲᠤᠰ ᠲᠤᠰ ᠱᠠᠩᠨᠠᠭᠳᠠᠵᠤ ᠪᠠᠶᠢᠴᠠᠢ᠃ 1940   ᠊ᠭᠡᠳ ᠣᠨ ᠤ ᠦᠶ᠎ᠡ ᠳᠦ ᠮᠠᠨ ᠤ ᠤᠯᠤᠰ ᠤᠨ ᠶᠡᠬᠡᠩᠬᠢ ᠰᠦᠮ᠎ᠡ ᠳᠤᠭᠠᠩ ᠨᠤᠷᠠᠵᠤ᠂ ᠵᠠᠷᠢᠮ ᠨᠢ ᠵᠠᠰᠠᠪᠤᠷᠢᠯᠠᠯᠲᠠ ᠳᠤ ᠣᠷᠣᠵᠤ ᠪᠠᠶᠢᠴᠠᠢ᠃ ᠣᠳᠣ ᠡᠷᠳᠡᠨᠢᠵᠤᠤ ᠳᠤ 11 ᠳᠤᠭᠠᠩ᠂ ᠬᠣᠶᠠᠷ ᠪᠤᠩᠬᠤᠨ᠂ ᠬᠡᠳᠦ ᠬᠡᠳᠦᠨ ᠰᠤᠪᠤᠷᠭ᠎ᠠ᠂ ᠲᠡᠭᠦᠨ ᠦ ᠳᠣᠲᠣᠷ᠎ᠠ ᠠᠯᠲᠠᠨ ᠰᠤᠪᠤᠷᠭ᠎ᠠ᠂ ᠮᠥᠨ ᠭᠠᠳᠠᠨᠠᠬᠢ ᠬᠡᠷᠡᠮ ᠦᠨ ᠳᠣᠲᠣᠷ᠎ᠠ ᠵᠠᠷᠢᠮ ᠨᠢᠭᠡᠨ ᠪᠠᠷᠢᠯᠭ᠎ᠠ ᠪᠠᠶᠢᠭᠤᠯᠤᠮᠵᠢ ᠯᠠ ᠦᠯᠡᠳᠡᠵᠡᠢ᠃ ᠡᠷᠳᠡᠨᠢᠵᠤᠤ ᠬᠡᠶᠢᠳ ᠢ 1944 ᠣᠨ ᠠᠴᠠ ᠤᠯᠤᠰ ᠤᠨ ᠬᠠᠮᠠᠭᠠᠯᠠᠯᠲᠠ ᠳᠤ ᠠᠪᠴᠤ ᠣᠳᠣ ᠮᠦᠽᠧᠢ ᠪᠣᠯᠤᠨ ᠠᠵᠢᠯᠯᠠᠵᠤ ᠪᠠᠶᠢᠨ᠎ᠠ᠃

=ᠡᠬᠢ ᠰᠤᠷᠪᠤᠯᠵᠢ=
=ᠡᠬᠢ ᠰᠤᠷᠪᠤᠯᠵᠢ=
ᠰ᠃ᠲᠤᠤᠯᠠ᠃ ᠮᠣᠩᠭᠣᠯ ᠤᠨ ᠤᠷᠠᠨ ᠪᠠᠷᠢᠯᠭ᠎ᠠ ᠥᠨᠦ ᠡᠷᠲᠡᠨ ᠦ ᠲᠡᠦᠬᠡ ᠲᠡᠢ

[[Ангилал:ᠤᠷᠠᠨ ᠪᠠᠷᠢᠯᠭ ‍ᠠ᠋]]
[[Ангилал:ᠤᠷᠠᠨ ᠪᠠᠷᠢᠯᠭ ‍ᠠ᠋]]
[[Ангилал:ᠲᠡᠦᠬᠡ]]
[[Ангилал:ᠲᠡᠦᠬᠡ]]
49

edits