"Улаанбаатар"-ны өөр хувилбарууд
Edit
(Category) Tag: 2017 source edit |
(Edit) |
||
1-р мөр: | 1-р мөр: | ||
< | <div style="writing-mode: vertical-lr;"> | ||
{| class="wikitable" | |||
|+ | |||
![[File:Ulaanbaatar.svg|none|thumb]] | |||
![[File:Flag_ulaanbaatar.svg|none|thumb]] | |||
|} | |||
<br> | |||
ᠤᠯᠠᠭᠠᠨᠪᠠᠭᠠᠲᠤᠷ ᠬᠣᠲᠠ ᠪᠣᠯ ᠮᠣᠩᠭᠣᠯ ᠤᠯᠤᠰ ᠊ᠤᠨ ᠨᠡᠢᠢᠰᠯᠡᠯ᠃ ᠬᠦᠮᠦᠨ ᠠᠮᠠ ّ1500000᠃ | ᠤᠯᠠᠭᠠᠨᠪᠠᠭᠠᠲᠤᠷ ᠬᠣᠲᠠ ᠪᠣᠯ ᠮᠣᠩᠭᠣᠯ ᠤᠯᠤᠰ ᠊ᠤᠨ ᠨᠡᠢᠢᠰᠯᠡᠯ᠃ ᠬᠦᠮᠦᠨ ᠠᠮᠠ ّ1500000᠃ | ||
ᠤᠯᠠᠭᠠᠨᠪᠠᠭᠠᠲᠤᠷ ᠬᠣᠲᠠ 1350 ᠮᠧᠲ᠋ᠧᠷ ᠲᠦᠷ | ᠤᠯᠠᠭᠠᠨᠪᠠᠭᠠᠲᠤᠷ ᠬᠣᠲᠠ 1350 ᠮᠧᠲ᠋ᠧᠷ ᠲᠦᠷ ᠣᠷᠣᠰᠢᠳᠠᠭ᠃ ᠤᠯᠠᠭᠠᠨᠪᠠᠭᠠᠲᠤᠷ ᠬᠣᠲᠠ ᠮᠣᠩᠭᠣᠯ ᠤᠯᠤᠰ ᠤᠨ ᠦᠨᠳᠦᠰᠦᠨ ᠬᠠᠤᠯᠢ ᠶᠢᠨ ᠳᠠᠭᠠᠤ ᠤᠯᠤᠰ ᠤᠨ ᠨᠡᠶᠢᠰᠯᠡᠯ ᠪᠥᠭᠡᠳ ᠬᠠᠤᠯᠢ ᠪᠠᠷ ᠲᠤᠰᠬᠠᠶᠢᠯᠠᠨ ᠣᠯᠭᠤᠭᠰᠠᠨ ᠣᠨᠴᠠᠯᠢᠭ ᠴᠢᠭ ᠡᠭᠦᠷᠭᠡ᠂ ᠥᠪᠡᠷ ᠦᠨ ᠤᠳᠤᠷᠢᠳᠤᠯᠭ᠎ᠠ ᠪᠦᠬᠦᠢ ᠵᠠᠰᠠᠭ ᠵᠠᠬᠢᠷᠭ᠎ᠠ᠂ ᠨᠤᠲᠤᠭ ᠳᠡᠪᠢᠰᠬᠡᠷ᠂ ᠡᠳ᠋ ᠍ ᠦᠨ ᠵᠠᠰᠠᠭ᠂ ᠨᠡᠶᠢᠭᠡᠮ ᠤᠨ ᠴᠣᠭᠴᠠᠯᠠᠪᠤᠷᠢ ᠪᠥᠭᠡᠳ ᠲᠤᠰᠬᠠᠢ ᠰᠲ᠋ᠠᠲ᠋ᠦ᠋ᠰ ᠪᠦᠬᠦᠢ ᠬᠣᠲᠠ ᠶᠤᠮ᠃ | ||
ꡝꡟ ꡙ ꡂꡋ ꡎ ꡂ ꡉꡟꡘ ᠃ <br> | |||
=ᠪᠡᠯᠭᠡᠳᠡᠯ= | |||
{{Image | |||
|Filename=UB 01.jpg | |||
|text=ᠡᠷᠬᠡ ᠴᠢᠯᠦᠭᠡᠨ ᠦ ᠥᠯᠦᠭᠡᠶ | |||
}} | |||
ᠨᠡᠶᠢᠰᠯᠡᠯ ᠤᠯᠠᠭᠠᠨᠪᠠᠭᠠᠲᠤᠷ ᠬᠣᠲᠠ ᠬᠠᠤᠯᠢ ᠶᠣᠰᠣᠨ ᠤ 《ᠬᠠᠨᠭᠠᠷᠤᠳᠢ》 ᠰᠦᠯᠳᠡ ᠲᠡᠮᠳᠡᠭ᠂ ᠥᠪᠡᠷ ᠦᠨ ᠲᠤᠭ ᠲᠠᠢ᠃ ᠨᠡᠶᠢᠰᠯᠡᠯ ᠨᠢ ᠮᠥᠷᠦᠪᠴᠢᠲᠤ ᠳᠤᠭᠤᠢ ᠳᠦᠷᠰᠦᠨ ᠦ ᠲᠥᠪ ᠲᠦ ᠪᠠᠶᠢᠷᠢᠯᠠᠭᠰᠠᠨ ᠪᠣᠭᠳᠠ ᠬᠠᠨ ᠠᠭᠤᠯᠠ ᠢᠢᠨ ᠤᠯᠠᠮᠵᠢᠯᠠᠯᠲᠤ ᠰᠢᠲᠦᠭᠡᠨ ᠬᠠᠨᠭᠠᠷᠤᠳᠢ ᠪᠦᠬᠦᠢ ᠰᠦᠯᠳᠡ ᠲᠡᠮᠳᠡᠭ ᠲᠡᠢ᠃ ᠨᠡᠶᠢᠰᠯᠡᠯ ᠦᠨ ᠰᠦᠯᠳᠡ ᠲᠡᠮᠳᠡᠭ ᠬᠠᠨᠭᠠᠷᠤᠳᠢ ᠨᠢ ᠮᠠᠩᠨᠠᠢ ᠳᠤ ᠪᠠᠨ ᠲᠥᠷᠥ ᠳᠦ ᠶᠣᠰᠣ᠂ ᠡᠷᠳᠡᠮ ᠮᠡᠳᠡᠯᠭᠡ ᠶᠢᠨ ᠪᠡᠯᠭᠡᠳᠡᠯ ᠰᠣᠶᠣᠮᠪᠣ ᠲᠠᠢ᠂ ᠪᠠᠷᠠᠭᠤᠨ ᠭᠠᠷ ᠲᠤ ᠪᠠᠨ ᠲᠦᠮᠡᠨ ᠣᠯᠠᠨ ᠳᠤ ᠪᠠᠨ ᠡᠭᠦᠳᠡ ᠬᠠᠭᠠᠯᠭ᠎ᠠ ᠪᠠᠨ ᠴᠡᠯᠡᠭᠡᠷ ᠰᠠᠶᠢᠬᠠᠨ ᠢᠶᠠᠷ ᠨᠡᠭᠡᠭᠡᠵᠦ ᠥᠭᠡᠳᠡᠯᠡᠨ ᠳᠡᠪᠰᠢᠬᠦ ᠶᠢᠨ ᠰᠠᠨᠠᠭ᠎ᠠ ᠶᠢ ᠢᠯᠡᠷᠬᠡᠶᠢᠯᠡᠭᠰᠡᠨ ᠣᠴᠢᠷ ᠪᠠᠷᠢᠭᠤᠯᠲᠤ ᠲᠦᠯᠬᠢᠭᠦᠷ ᠲᠡᠢ᠂ ᠵᠡᠭᠦᠨ ᠭᠠᠷ ᠲᠤ ᠪᠠᠨ ᠡᠨᠡᠯᠦᠨ ᠦᠭᠡᠢ ᠠᠷᠢᠭᠤᠨ ᠲᠡᠭᠰᠢ ᠣᠷᠣᠰᠢᠬᠤᠢ ᠶᠢᠨ ᠪᠠᠲᠤᠯᠠᠭ᠎ᠠ ᠪᠠᠳᠮ᠎ᠠ ᠴᠡᠴᠡᠭ ᠢ ᠨᠠᠨᠳᠢᠩᠨᠠᠨ ᠪᠠᠷᠢᠵᠤ᠂ ᠠᠯᠢᠪᠠ ᠬᠣᠣᠷ ᠤᠨ ᠦᠨᠳᠦᠰᠦ ᠶᠢ ᠡᠭᠡᠨᠡᠭᠲᠡ ᠤᠰᠠᠳᠬᠠᠨ ᠳᠠᠷᠤᠬᠤ ᠰᠠᠨᠠᠭ᠎ᠠ ᠶᠢ ᠭᠢᠰᠬᠢᠨ ᠵᠣᠭᠰᠣᠵᠤ ᠪᠤᠢ ᠮᠣᠭᠠᠢ ᠪᠠᠷ ᠢᠯᠡᠷᠬᠡᠶᠢᠯᠡᠭᠰᠡᠨ ᠪᠠᠶᠢᠨ᠎ᠠ᠃ ᠬᠠᠨᠭᠠᠷᠤᠳᠢ ᠨᠢ ᠪᠠᠲᠤ ᠲᠦᠪᠰᠢᠨ ᠡᠷᠡᠮᠡᠭᠡᠢ ᠪᠠᠶᠢᠳᠠᠯ ᠢ ᠢᠯᠡᠷᠬᠡᠶᠢᠯᠡᠵᠦ ᠨᠡᠶᠢᠰᠯᠡᠯ ᠬᠣᠲᠠ ᠥᠷᠭᠡᠵᠢᠵᠦ ᠠᠯᠳᠠᠷ ᠨᠡᠷ᠎ᠡ ᠨᠢ ᠲᠢᠪ ᠳᠡᠯᠡᠬᠡᠢ ᠳᠦ ᠮᠠᠨᠳᠤᠨ ᠪᠠᠳᠠᠷᠠᠬᠤ ᠶᠢᠨ ᠤᠳᠬ᠎ᠠ ᠰᠠᠨᠠᠭ᠎ᠠ ᠶᠢ ᠠᠭᠤᠯᠠᠳᠠᠭ᠃ ᠨᠡᠶᠢᠰᠯᠡᠯ ᠦᠨ ᠲᠤᠭ ᠨᠢ ᠮᠥᠩᠬᠡ ᠬᠥᠬᠡ ᠲᠩᠷᠢ ᠶᠢᠨ ᠥᠩᠭᠡᠲᠡᠢ᠂ ᠥᠷᠭᠡᠨ᠂ ᠤᠷᠲᠤ ᠨᠢ 1᠄1᠂5 ᠍ ᠶᠢᠨ ᠬᠠᠷᠢᠴᠠᠭ᠎ᠠ ᠲᠠᠢ᠂ ᠭᠣᠣᠯ ᠳᠤ ᠨᠢ ᠨᠡᠶᠢᠰᠯᠡᠯ ᠦᠨ ᠰᠦᠯᠳᠡ ᠲᠡᠮᠳᠡᠭ ᠢ ᠴᠠᠭᠠᠨ ᠲᠣᠷᠭ᠎ᠠ ᠪᠠᠷ ᠳᠦᠷᠰᠦᠯᠡᠨ ᠠᠯᠲᠠᠯᠠᠭ ᠮᠥᠩᠭᠥᠨ ᠤᠲᠠᠰᠤ ᠪᠠᠷ ᠵᠡᠭᠡᠭᠯᠡᠨ ᠤᠷᠠᠯᠠᠭᠰᠠᠨ ᠪᠠᠶᠢᠳᠠᠭ᠃ ᠨᠡᠶᠢᠰᠯᠡᠯ ᠦᠨ ᠲᠤᠭ ᠨᠢ ᠨᠡᠶᠢᠰᠯᠡᠯᠴᠦᠳ ᠠᠷᠢᠭᠤᠨ ᠴᠠᠭᠠᠨ ᠰᠡᠳᠬᠢᠯ ᠢᠶᠡᠷ ᠲᠥᠷᠥ ᠳᠦ ᠶᠣᠰᠣ ᠪᠠᠨ ᠳᠡᠭᠡᠳᠦᠯᠡᠨ᠂ ᠮᠠᠨᠳᠤᠨ ᠪᠠᠳᠠᠷᠠᠬᠤ ᠶᠢᠨ ᠤᠳᠬ᠎ᠠ ᠰᠠᠨᠠᠭ᠎ᠠ ᠶᠢ ᠪᠦᠬᠦᠯᠢ ᠳᠦ ᠪᠡᠨ ᠠᠭᠤᠯᠠᠨ᠎ᠠ᠃ | |||
=ᠭᠠᠵᠠᠷ ᠵᠦᠢ ᠶᠢᠨ ᠪᠠᠢᠢᠷᠢᠰᠢᠯ= | |||
ᠤᠯᠠᠭᠠᠨᠪᠠᠭᠠᠲᠤᠷ ᠬᠣᠲᠠ ᠮᠣᠩᠭᠣᠯ ᠣᠷᠣᠨ ᠤ ᠹᠢᠽᠢᠺ ᠭᠠᠵᠠᠷ ᠵᠦᠢ ᠶᠢᠨ ᠮᠤᠵᠢᠯᠠᠯ ᠢᠶᠠᠷ ᠬᠠᠩᠭᠠᠢ ᠬᠡᠨᠲᠡᠢ ᠶᠢᠨ ᠠᠭᠤᠯᠠᠷᠬᠠᠭ ᠶᠡᠬᠡ ᠮᠤᠵᠢ ᠶᠢᠨ ᠬᠡᠰᠡᠭ ᠲᠦ᠂ ᠲᠤᠬᠠᠶᠢᠯᠠᠪᠠᠯ ᠬᠡᠨᠲᠡᠢ ᠶᠢᠨ ᠠᠭᠤᠯᠠᠷᠬᠠᠭ ᠮᠤᠵᠢ ᠶᠢᠨ ᠪᠠᠷᠠᠭᠤᠨ ᠡᠮᠦᠨᠡᠲᠦ ᠰᠢᠪᠲᠤᠷᠭ᠎ᠠ ᠦᠵᠦᠭᠦᠷ ᠲᠦ ᠲᠤᠭᠤᠯ ᠭᠣᠣᠯ ᠤᠨ ᠥᠷᠭᠡᠨ ᠬᠥᠨᠳᠡᠢ᠂ ᠠᠢ ᠰᠠᠪᠠ ᠴᠢᠳᠬᠤᠯ ᠭᠣᠣᠯ ᠤᠳ ᠤᠨ ᠪᠡᠯᠴᠢᠷ ᠲᠦ ᠪᠠᠶᠢᠷᠢᠯᠠᠳᠠᠭ᠃ ᠤᠯᠠᠭᠠᠨᠪᠠᠭᠠᠲᠤᠷ ᠬᠣᠲᠠ ᠳᠠᠯᠠᠢ ᠶᠢᠨ ᠲᠥᠪᠰᠢᠨ ᠡᠴᠡ ᠳᠡᠭᠡᠭᠰᠢ 1350 ᠮᠧᠲ᠋ᠷ ᠥᠨᠳᠥᠷ ᠲᠦ ᠨᠣᠮᠣᠬᠠᠨ ᠳᠠᠯᠠᠢ ᠠᠴᠠ 1600 ᠣᠷᠴᠢᠮ ᠺᠮ ᠠᠯᠤᠰ ᠲᠤ᠂ ᠳᠡᠯᠡᠬᠡᠢ ᠶᠢᠨ ᠡᠺᠸᠠᠲ᠋ᠣᠷ ᠠᠴᠠ ᠬᠣᠶᠢᠰᠢ 5310 ᠺᠢᠯᠣᠮᠧᠲ᠋ᠷ᠂ ᠬᠣᠶᠢᠳ ᠲᠤᠶᠢᠯ ᠠᠴᠠ ᠤᠷᠤᠭᠰᠢ 4690 ᠺᠢᠯᠣᠮᠧᠲ᠋ᠷ ᠵᠠᠶᠢᠲᠠᠢ ᠪᠤᠶᠤ ᠳᠡᠯᠡᠬᠡᠢ ᠶᠢᠨ ᠬᠣᠶᠢᠳ ᠥᠷᠭᠡᠷᠢᠭ ᠦᠨ 47055I᠂ ᠵᠡᠭᠦᠨ ᠤᠷᠲᠤᠷᠢᠭ ᠤᠨ 106055I – ᠍ ᠤᠨ ᠰᠣᠯᠪᠢᠴᠠᠯᠳᠤ᠂ ᠳᠡᠯᠡᠬᠡᠢ ᠶᠢᠨ ᠴᠠᠭ ᠤᠨ 7 ᠳ᠋ᠤᠭᠠᠷ ᠪᠥᠰᠡ ᠳᠦ ᠯᠣᠨᠳᠣᠨ ᠬᠣᠲᠠ ᠠᠴᠠ 7 ᠴᠠᠭ 08 ᠮᠢᠨᠦ᠋ᠲ ᠤᠨ ᠵᠥᠷᠢᠶ᠎ᠡ ᠲᠡᠢ ᠣᠷᠣᠰᠢᠵᠤ ᠪᠠᠶᠢᠨ᠎ᠠ᠃ ᠤᠯᠠᠭᠠᠨᠪᠠᠭᠠᠲᠤᠷ ᠬᠣᠲᠠ ᠤᠷᠳᠤᠭᠤᠷ ᠢᠶᠠᠨ ᠲᠥᠪ ᠠᠶᠢᠮᠠᠭ ᠤᠨ ᠰᠡᠷᠭᠦᠯᠡᠩ᠂ ᠠᠯᠲᠠᠨᠪᠤᠯᠠᠭ᠂ ᠪᠠᠷᠠᠭᠤᠨ ᠢᠶᠠᠷ ᠢᠶᠠᠨ ᠮᠥᠨ ᠠᠶᠢᠮᠠᠭ ᠤᠨ ᠠᠯᠲᠠᠨᠪᠤᠯᠠᠭ᠂ ᠠᠷᠭᠠᠯᠠᠩ ᠳᠤ᠂ ᠪᠠᠶᠠᠨᠴᠣᠭᠲᠤ᠂ ᠪᠠᠷᠠᠭᠤᠨ ᠬᠣᠶᠢᠭᠤᠷ ᠢᠶᠠᠨ ᠮᠥᠨ ᠠᠶᠢᠮᠠᠭ ᠤᠨ ᠪᠠᠲᠤᠰᠦᠮᠪᠦᠷ᠂ ᠵᠡᠭᠦᠨ ᠬᠣᠶᠢᠭᠤᠷ᠂ ᠵᠡᠭᠦᠦ ᠪᠡᠷ ᠢᠶᠡᠨ ᠮᠥᠨ ᠠᠶᠢᠮᠠᠭ ᠤᠨ ᠪᠠᠲᠤᠰᠦᠮᠪᠦᠷ᠂ ᠡᠷᠳᠡᠨᠢ ᠰᠤᠮᠤ ᠲᠠᠢ ᠬᠢᠯᠢᠯᠡᠨ ᠨᠡᠶᠢᠲᠡ 470444 ᠭᠠ ᠲᠠᠯᠠᠪᠠᠢ ᠪᠦᠬᠦᠢ ᠨᠤᠲᠤᠭ ᠳᠡᠪᠢᠰᠬᠡᠷ ᠢ ᠡᠵᠡᠯᠡᠳᠡᠭ᠃ ᠨᠡᠶᠢᠰᠯᠡᠯ ᠦᠨ ᠨᠤᠲᠤᠭ ᠳᠡᠪᠢᠰᠬᠡᠷ ᠦᠨ ᠬᠠᠮᠤᠭ ᠤᠨ ᠡᠮᠦᠨ᠎ᠡ ᠵᠠᠬ᠎ᠠ ᠶᠢᠨ ᠴᠡᠭ ᠨᠢ ᠲᠥᠪ ᠠᠶᠢᠮᠠᠭ ᠤᠨ ᠰᠡᠷᠭᠦᠯᠡᠩ ᠰᠤᠮᠤ ᠲᠠᠢ ᠬᠢᠯᠢᠯᠡᠵᠦ ᠪᠠᠶᠢᠭ᠎ᠠ ᠬᠣᠶᠢᠳ ᠥᠷᠭᠡᠷᠢᠭ ᠦᠨ 470 37I 30II᠂ ᠵᠡᠭᠦᠨ ᠤᠷᠲᠤᠷᠢᠭ ᠤᠨ 107018I 54II – ᠍ ᠤᠨ ᠰᠣᠯᠪᠢᠴᠠᠯᠳᠤ᠂ ᠪᠠᠷᠠᠭᠤᠨ ᠵᠠᠬ᠎ᠠ ᠶᠢᠨ ᠴᠡᠭ ᠨᠢ ᠲᠥᠪ ᠠᠶᠢᠮᠠᠭ ᠤᠨ ᠪᠠᠶᠠᠨᠴᠢᠨᠳᠠᠮᠠᠨᠢ᠂ ᠪᠠᠲᠤᠰᠦᠮᠪᠦᠷ ᠰᠤᠮᠤ ᠲᠠᠢ ᠬᠢᠯᠢᠯᠡᠵᠦ ᠪᠠᠶᠢᠭ᠎ᠠ ᠵᠡᠭᠦᠨ ᠤᠷᠲᠤᠷᠢᠭ ᠤᠨ 107023I12II᠂ ᠬᠣᠶᠢᠳ ᠥᠷᠭᠡᠷᠢᠭ ᠦᠨ 48016I42II– ᠍ ᠤᠨ ᠰᠣᠯᠪᠢᠴᠠᠯᠳᠤ᠂ ᠬᠣᠶᠢᠳ ᠵᠠᠬ᠎ᠠ ᠶᠢᠨ ᠴᠡᠭ ᠨᠢ ᠲᠥᠪ ᠠᠶᠢᠮᠠᠭ ᠤᠨ ᠪᠠᠲᠤᠰᠦᠮᠪᠦᠷ ᠰᠤᠮᠤ ᠲᠠᠢ ᠬᠢᠯᠢᠯᠡᠵᠦ ᠪᠠᠶᠢᠭ᠎ᠠ ᠬᠣᠶᠢᠳ ᠥᠷᠭᠡᠷᠢᠭ ᠦᠨ 48016I00II᠂ ᠵᠡᠭᠦᠨ ᠤᠷᠲᠤᠷᠢᠭ ᠤᠨ 106027I – ᠍ ᠤᠨ ᠰᠣᠯᠪᠢᠴᠠᠯᠳᠤ᠂ ᠵᠡᠭᠦᠨ ᠵᠠᠬ᠎ᠠ ᠶᠢᠨ ᠴᠡᠭ ᠨᠢ ᠲᠥᠪ ᠠᠶᠢᠮᠠᠭ ᠤᠨ ᠡᠷᠳᠡᠨᠢ ᠰᠤᠮᠤ ᠲᠠᠢ ᠬᠢᠯᠢᠯᠡᠵᠦ ᠪᠠᠶᠢᠭ᠎ᠠ ᠵᠡᠭᠦᠨ ᠤᠷᠲᠤᠷᠢᠭ ᠤᠨ 107037I24II᠂ ᠬᠣᠶᠢᠳ ᠥᠷᠭᠡᠷᠢᠭ ᠦᠨ 47053I – ᠍ ᠤᠨ ᠰᠣᠯᠪᠢᠴᠠᠯᠳᠤ ᠣᠷᠣᠰᠢᠨ᠎ᠠ᠃ ᠤᠯᠠᠭᠠᠨᠪᠠᠭᠠᠲᠤᠷ ᠬᠣᠲᠠ ᠶᠢᠨ ᠶᠡᠬᠡ ᠡᠵᠡᠨ ᠴᠢᠩᠭᠢᠰ ᠬᠠᠭᠠᠨ ᠤ ᠨᠡᠷᠡᠮᠵᠢᠲᠦ ᠲᠠᠯᠠᠪᠠᠢ ᠶᠢᠨ ᠪᠠᠷᠠᠭᠤᠨ ᠤᠷᠢᠳᠤ ᠵᠠᠬ᠎ᠠ ᠳᠤ ᠮᠣᠩᠭᠣᠯ ᠤᠯᠤᠰ ᠤᠨ ᠠᠦ᠋ᠲ᠋ᠣᠵᠠᠮ ᠤᠨ ᠰᠦᠯᠵᠢᠶᠡᠨ ᠦ ᠡᠬᠢᠯᠡᠬᠦ 00 ᠴᠡᠭ ᠦᠨ ᠲᠡᠮᠳᠡᠭ ᠪᠠᠭᠠᠨ᠎ᠠ ᠣᠷᠣᠰᠢᠳᠠᠭ᠃ ᠤᠯᠠᠭᠠᠨᠪᠠᠭᠠᠲᠤᠷ ᠬᠣᠲᠠ ᠶᠢᠨ ᠨᠤᠲᠤᠭ ᠤᠨ ᠬᠦᠢᠰᠦ ᠪᠤᠶᠤ ᠲᠥᠪ ᠴᠡᠭ ᠢ ᠳᠡᠭᠡᠷ᠎ᠡ ᠳᠤᠷᠠᠳᠤᠭᠰᠠᠨ ᠵᠠᠬ᠎ᠠ ᠶᠢᠨ ᠴᠡᠭᠡ ᠨᠦᠭᠦᠳ ᠢᠶᠡᠷ ᠬᠥᠭᠡᠭᠡᠵᠦ ᠪᠣᠳᠣᠪᠠᠯ ᠬᠣᠶᠢᠳ ᠥᠷᠭᠡᠷᠢᠭ ᠦᠨ 47056I 45II᠂ ᠵᠡᠭᠦᠨ ᠤᠷᠲᠤᠷᠢᠭ ᠤᠨ 107000I 18II – ᠍ ᠤᠨ ᠰᠣᠯᠪᠢᠴᠠᠯᠳᠤ ᠪᠤᠶᠤ ᠰᠢᠷᠬᠠᠲᠤᠨ ᠤ ᠬᠢᠰᠠᠭᠠᠨ ᠠᠴᠠ ᠪᠠᠷᠠᠭᠤᠨ ᠬᠣᠶᠢᠰᠢ 1.8 ᠺᠢᠯᠣᠮᠧᠲ᠋ᠷ ᠵᠠᠶᠢᠲᠠᠢ ᠠᠭᠤᠯᠠ ᠢᠢᠨ ᠨᠢᠭᠡ ᠣᠷᠣᠢ ᠶᠢᠨ ᠵᠡᠭᠦᠨ ᠬᠠᠵᠠᠭᠤ ᠳᠤ ᠣᠷᠣᠰᠢᠵᠤ ᠪᠠᠶᠢᠨ᠎ᠠ᠃ ᠬᠠᠷᠢᠨ ᠤᠯᠠᠭᠠᠨᠪᠠᠭᠠᠲᠤᠷ ᠶᠡᠬᠡ ᠬᠣᠲᠠ ᠶᠢᠨ ᠲᠥᠪ ᠴᠡᠭ ᠬᠦᠢᠰ ᠢ ᠶᠡᠬᠡ ᠡᠵᠡᠨ ᠴᠢᠩᠭᠢᠰ ᠬᠠᠭᠠᠨ ᠤ ᠨᠡᠷᠡᠮᠵᠢᠲᠦ ᠲᠠᠯᠠᠪᠠᠢ ᠳᠤ ᠬᠣᠶᠢᠳ ᠥᠷᠭᠡᠷᠢᠭ ᠦᠨ 47055I 07II᠂ ᠵᠡᠭᠦᠨ ᠤᠷᠲᠤᠷᠢᠭ ᠤᠨ 106055I 04II – ᠍ ᠤᠨ ᠰᠣᠯᠪᠢᠴᠠᠯᠳᠤ ᠳᠠᠯᠠᠢ ᠶᠢᠨ ᠲᠥᠪᠰᠢᠨ ᠡᠴᠡ 1300 ᠮᠧᠲ᠋ᠷ ᠥᠨᠳᠥᠷ ᠲᠦ ᠲᠠᠯᠪᠢᠭᠰᠠᠨ ᠲᠥᠪ ᠴᠡᠭ ᠦᠨ ᠲᠡᠮᠳᠡᠭ ᠢᠶᠡᠷ ᠲᠣᠭᠠᠴᠠᠵᠤ ᠪᠣᠯᠬᠤ ᠶᠤᠮ᠃ ᠤᠯᠠᠭᠠᠨᠪᠠᠭᠠᠲᠤᠷ ᠬᠣᠲᠠ ᠶᠢᠨ ᠡᠮᠦᠨᠡᠭᠦᠷ ᠤᠷᠤᠰᠢᠬᠤ ᠪᠣᠭᠳᠠ ᠬᠠᠨ ᠤᠤᠯ ᠨᠢ ᠵᠡᠭᠦᠨ ᠡᠴᠡ ᠪᠠᠷᠠᠭᠤᠨ ᠲᠡᠰᠢ ᠴᠢᠭᠯᠡᠭᠰᠡᠨ 40 ᠣᠷᠴᠢᠮ ᠺᠮ ᠦᠷᠭᠦᠯᠵᠢᠯᠡᠭᠰᠡᠨ ᠨᠢᠷᠤᠭᠤ ᠶᠤᠮ᠃ ᠪᠣᠭᠳᠠ ᠬᠠᠨ ᠠᠭᠤᠯᠠ ᠶᠢᠨ ᠬᠠᠮᠤᠭ ᠤᠨ ᠥᠨᠳᠥᠷ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ 2268 ᠮᠧᠲ᠋ᠷ ᠥᠨᠳᠥᠷ ᠲᠦ ᠡᠷᠭᠦᠭᠳᠡᠭᠰᠡᠨ ᠴᠡᠴᠡ ᠪᠡᠨ ᠭᠦᠨ᠂ 2256 ᠮᠧᠲ᠋ᠷ ᠥᠨᠳᠥᠷ ᠲᠦ ᠤᠷᠤᠰᠢᠬᠤ ᠲᠦᠰᠢᠶ᠎ᠡ ᠭᠦᠨ ᠬᠡᠮᠡᠬᠦ ᠣᠷᠭᠢᠯ ᠤᠳ ᠪᠣᠯᠤᠨ᠎ᠠ᠃ ᠶᠡᠷᠦ ᠨᠢ ᠪᠣᠭᠳᠠ ᠬᠠᠨ ᠠᠭᠤᠯᠠᠨ ᠳᠤ 2000 ᠮᠧᠲ᠋ᠷ ᠡᠴᠡ ᠳᠡᠭᠡᠭᠰᠢ ᠡᠷᠭᠦᠭᠳᠡᠭᠰᠡᠨ ᠡᠷᠲᠡᠨ ᠦ ᠲᠡᠭᠰᠢᠷᠡᠯ ᠦᠨ ᠭᠠᠳᠠᠷᠭᠤ ᠭᠣᠣᠯᠯᠠᠨ᠎ᠠ᠃ ᠶᠡᠬᠡ ᠲᠩᠷᠢ ᠶᠢᠨ ᠠᠮᠠᠨ ᠳᠤ ᠪᠠᠶᠢᠭ᠎ᠠ ᠬᠠᠳᠠᠨ ᠤ ᠰᠦᠭ ᠵᠢᠷᠤᠭ ᠲᠡᠷᠢᠭᠦᠲᠡᠨ ᠢ ᠦᠵᠡᠬᠦ ᠳᠦ ᠯᠠᠪᠲᠠᠶ᠎ᠠ ᠠᠯᠢ ᠬᠦᠷᠡᠯ ᠵᠡᠪᠰᠡᠭ ᠦᠨ ᠦᠶᠡᠰ ᠡᠨᠡ ᠠᠭᠤᠯᠠᠨ ᠳᠤ ᠬᠦᠮᠦᠨ ᠰᠠᠭᠤᠷᠢᠰᠢᠵᠤ ᠪᠠᠶᠢᠭᠰᠠᠨ ᠤᠯᠠ ᠮᠥᠷ ᠪᠠᠶᠢᠳᠠᠭ᠃ ᠪᠣᠭᠳᠠ ᠬᠠᠨ ᠠᠭᠤᠯᠠ ᠡᠷᠲᠡᠨ ᠡᠴᠡ ᠪᠥᠭᠡ ᠮᠥᠷᠭᠥᠯ ᠦᠨ ᠰᠢᠲᠦᠭᠡᠨ᠂ ᠲᠠᠶᠢᠯᠭ᠎ᠠ ᠲᠠᠬᠢᠯᠭ᠎ᠠ ᠶᠢᠨ ᠭᠠᠵᠠᠷ ᠪᠠᠶᠢᠭᠰᠠᠨ ᠪᠥᠭᠡᠳ 13 ᠍ ᠳᠦᠭᠡᠷ ᠵᠠᠭᠤᠨ ᠤ ᠦᠶᠡᠰ ᠬᠡᠷᠡᠶᠢᠳ ᠦᠨ ᠸᠠᠩ ᠬᠠᠨ ᠲᠤᠤᠯ ᠤᠨ ᠬᠠᠷ᠎ᠠ ᠰᠢᠭᠤᠢ ᠳᠤ ᠨᠤᠲᠤᠭᠯᠠᠵᠤ ᠪᠠᠶᠢᠬᠤ ᠳᠤ ᠪᠠᠨ ᠬᠠᠨ ᠠᠭᠤᠯᠠᠨ ᠳᠤ ᠠᠨ ᠭᠥᠷ ᠢᠶᠡᠨ ᠬᠢᠬᠦ᠂ ᠭᠠᠯ ᠬᠥᠰ ᠲᠦᠯᠡᠬᠦ ᠶᠢ ᠬᠣᠷᠢᠭᠯᠠᠳᠠᠭ ᠪᠠᠶᠢᠴᠠᠢ᠃ ᠪᠣᠭᠳᠠ ᠬᠠᠨ ᠠᠭᠤᠯᠠ ᠶᠢ 1778 ᠣᠨ ᠳᠤ ᠳᠠᠷᠬᠠᠯᠠᠭᠰᠠᠨ ᠨᠢ ᠳᠡᠯᠡᠬᠡᠢ ᠶᠢᠨ ᠠᠩᠬᠠᠨ ᠤ ᠳᠠᠷᠬᠠᠨ ᠴᠠᠭᠠᠵᠠᠲᠠᠢ ᠠᠭᠤᠯᠠ ᠪᠣᠯᠵᠠᠢ᠃ ᠮᠠᠨᠵᠤ ᠶᠢᠨ ᠬᠠᠭᠠᠨ ᠲᠩᠷᠢ ᠶᠢ ᠲᠡᠳᠬᠦᠭᠰᠡᠨ ᠦ 43 ᠍ ᠳᠦᠭᠡᠷ ᠣᠨ ᠪᠤᠶᠤ ᠨᠡᠶᠢᠲᠡ ᠶᠢᠨ ᠲᠣᠭᠠᠯᠠᠯ ᠤᠨ 1778 ᠣᠨ ᠳᠤ ᠶᠡᠬᠡ ᠬᠦᠷᠢᠶᠡᠨ ᠦ ᠰᠠᠶᠢᠳ ᠸᠠᠩ ᠶᠦᠩᠳᠦᠩᠳᠣᠷᠵᠢ᠂ ᠬᠠᠷᠢᠶ᠎ᠠ ᠲᠦᠰᠢᠮᠡᠯ ᠰᠠᠩᠵᠠᠳᠣᠷᠵᠢ ᠨᠠᠷ ᠤᠨ ᠠᠶᠢᠯᠠᠳᠬᠠᠯ ᠪᠢᠴᠢᠭ ᠢᠶᠡᠷ ᠪᠣᠭᠳᠠ ᠬᠠᠨ ᠠᠭᠤᠯᠠ ᠶᠢ ᠵᠠᠷᠯᠢᠭ ᠢᠶᠠᠷ ᠲᠠᠬᠢᠵᠤ ᠪᠠᠶᠢᠬᠤ ᠪᠣᠯᠤᠭᠰᠠᠨ ᠪᠠᠶᠢᠨ᠎ᠠ᠃ ᠡᠨᠡ ᠠᠭᠤᠯᠠ ᠶᠢᠨ ᠬᠣᠶᠠᠷ ᠨᠣᠶᠠᠨ ᠣᠷᠭᠢᠯ ᠳᠤ ᠴᠡᠴᠡ ᠪᠡᠨ ᠭᠦᠨ᠂ ᠲᠦᠰᠢᠶ᠎ᠡ ᠭᠦᠨ ᠭᠡᠰᠡᠨ ᠴᠣᠯᠠ ᠣᠯᠭᠤᠵᠤ᠂ ᠵᠢᠯ ᠪᠦᠷᠢ ᠤᠯᠤᠰ ᠤᠨ ᠰᠠᠩ ᠠᠴᠠ ᠴᠠᠯᠢᠩ ᠫᠦᠩᠯᠦ ᠣᠯᠭᠤᠳᠠᠭ ᠪᠠᠶᠢᠴᠠᠢ᠃ ᠪᠣᠭᠳᠠ ᠬᠠᠨ ᠠᠭᠤᠯᠠᠨ ᠳᠤ ᠥᠮᠡᠨ ᠢ ᠲᠡᠳᠬᠦᠭᠴᠢ ᠴᠠᠭᠠᠨ ᠯᠠᠪᠠᠢ ᠳᠦᠩᠵᠢᠨᠭᠠᠷᠪᠣ ᠭᠡᠳᠡᠭ ᠨᠡᠷ᠎ᠡ ᠶᠢ ᠥᠭᠴᠦ᠂ ᠪᠣᠭᠳᠠ ᠠᠭᠤᠯᠠ ᠶᠢᠨ ᠪᠠᠷ᠎ᠠ ᠬᠠᠷᠠᠭᠳᠠᠬᠤ ᠭᠠᠵᠠᠷ ᠬᠦᠮᠦᠨ ᠴᠠᠭᠠᠵᠠ ᠪᠠᠷ ᠠᠪᠳᠠᠭ ᠦᠭᠡᠢ ᠪᠠᠶᠢᠭᠰᠠᠨ ᠭᠡᠳᠡᠭ᠃ ᠲᠩᠷᠢ ᠶᠢ ᠲᠡᠳᠬᠦᠭᠴᠢ ᠬᠠᠭᠠᠨ ᠤ ᠵᠠᠷᠯᠢᠭ ᠭᠠᠷᠤᠭᠰᠠᠨ ᠤ ᠳᠠᠷᠠᠭᠠᠨ ᠠᠴᠠ 1779 ᠣᠨ ᠤ ᠰᠢᠷᠠᠭᠴᠢᠨ ᠭᠠᠬᠠᠢ ᠵᠢᠯ ᠬᠠᠯᠬ᠎ᠠ ᠳᠥᠷᠪᠡᠨ ᠠᠶᠢᠮᠠᠭ᠂ ᠱᠠᠪᠢ ᠲᠠᠪᠤ ᠪᠠᠷ ᠢᠶᠠᠨ ᠨᠡᠶᠢᠯᠡᠨ ᠲᠠᠬᠢᠭᠰᠠᠨ ᠠᠴᠠ ᠬᠣᠶᠢᠰᠢ ᠵᠠᠷᠯᠢᠭ ᠢᠶᠠᠷ ᠵᠢᠯ ᠳᠦ ᠬᠣᠶᠠᠷ ᠤᠳᠠᠭ᠎ᠠ ᠵᠤᠨ᠂ ᠨᠠᠮᠤᠷ ᠲᠤ ᠲᠠᠬᠢᠳᠠᠭ ᠪᠣᠯᠤᠭᠰᠠᠨ ᠭᠡᠳᠡᠭ᠃ 1921 ᠣᠨ ᠠᠴᠠ ᠬᠣᠶᠢᠰᠢᠬᠢ ᠵᠢᠯ ᠦᠳ ᠲᠦ ᠬᠠᠨ ᠠᠭᠤᠯᠠ ᠶᠢᠨ ᠲᠠᠬᠢᠯᠭ᠎ᠠ ᠲᠠᠰᠤᠯᠳᠠᠭᠰᠠᠨ ᠪᠠᠶᠢᠭᠰᠠᠨ ᠴᠤ 1995 ᠣᠨ ᠳᠤ ᠤᠯᠠᠭᠠᠨᠪᠠᠭᠠᠲᠤᠷ ᠬᠣᠲᠠ ᠡᠭᠦᠰᠬᠡᠨ ᠪᠠᠶᠢᠭᠤᠯᠤᠭᠳᠠᠰᠤᠨ ᠤ 365 ᠵᠢᠯ ᠦᠨ ᠣᠢ ᠪᠠᠷ ᠴᠡᠴᠡ ᠪᠡᠨ ᠭᠦᠨ ᠦ ᠣᠷᠭᠢᠯ ᠢ ᠲᠠᠬᠢᠵᠤ᠂ 1995 ᠣᠨ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠫ ∙ ᠸᠴᠢᠷᠪᠠᠲᠤ ᠪᠣᠭᠳᠠ ᠬᠠᠨ ᠠᠭᠤᠯᠠ ᠶᠢ ᠲᠠᠬᠢᠬᠤ ᠰᠠᠨᠠᠭᠠᠴᠢᠯᠭ᠎ᠠ ᠶᠢ ᠳᠡᠮᠵᠢᠭᠰᠡᠨ ᠵᠠᠷᠯᠢᠭ ᠭᠠᠷᠭᠠᠭᠰᠠᠨ ᠶᠤᠮ᠃ ᠪᠣᠭᠳᠠ ᠬᠠᠨ ᠠᠭᠤᠯᠠ ᠶᠢ ᠮᠣᠩᠭᠣᠯ ᠤᠨ ᠶᠡᠬᠡ ᠲᠠᠬᠢᠯᠭ᠎ᠠ ᠲᠠᠢ ᠠᠭᠤᠯᠠ ᠢᠢᠨ ᠬᠢ ᠨᠢ ᠬᠤᠪᠢ ᠳᠤ United Nations Educational Scientific and Cultural Organization 《ᠳᠡᠯᠡᠬᠡᠢ ᠶᠢᠨ ᠭᠠᠶᠢᠬᠠᠮᠰᠢᠭᠲᠤ ᠦᠨᠡᠲᠦ ᠵᠦᠢᠯ ᠪᠣᠯᠬᠤ ᠨᠢ》 ᠵᠡᠷᠭᠡᠯᠡᠯ ᠢᠶᠡᠷ ᠦᠨᠡᠯᠡᠨ ᠳᠡᠯᠡᠬᠡᠢ ᠶᠢᠨ ᠪᠠᠶᠢᠭᠠᠯ ᠤᠨ ᠥᠪ ᠭᠡᠵᠦ 《ᠳᠡᠯᠡᠬᠡᠢ ᠶᠢᠨ ᠬᠦᠮᠦᠨ ᠪᠠ ᠰᠢᠮᠡᠰ ᠮᠠᠨᠳᠤᠯ ᠤᠨ ᠨᠥᠭᠡᠴᠡ ᠭᠠᠵᠠᠷ ᠤᠨ ᠰᠦᠯᠵᠢᠶ᠎ᠡ》 ᠍ ᠳᠦ 1996 ᠣᠨ ᠳᠤ ᠪᠦᠷᠢᠳᠬᠡᠨ ᠠᠪᠤᠭᠰᠠᠨ᠃ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ 2004 ᠣᠨ ᠠᠴᠠ ᠪᠣᠭᠳᠠ ᠬᠠᠨ ᠠᠭᠤᠯᠠ ᠶᠢ ᠲᠥᠷᠥ ᠶᠢᠨ ᠲᠠᠬᠢᠯᠭ᠎ᠠ ᠲᠠᠢ ᠠᠤᠯᠠᠯᠠᠰ ᠤᠨ ᠨᠢᠭᠡ ᠪᠣᠯᠭᠠᠵᠤ 5 ᠵᠢᠯ ᠳᠦ ᠨᠢᠭᠡ ᠤᠳᠠᠭ᠎ᠠ ᠲᠥᠷᠥ ᠶᠢᠨ ᠲᠠᠬᠢᠯᠭ᠎ᠠ ᠦᠢᠯᠡ ᠳᠦ ᠬᠢ ᠪᠣᠯᠪᠠ᠃ ᠰᠠᠨᠰᠠᠷ ᠠᠴᠠ ᠠᠪᠤᠭᠰᠠᠨ ᠵᠢᠷᠤᠭ ᠤᠨ ᠲᠥᠪ ᠲᠦ ᠪᠣᠭᠳᠠ ᠬᠠᠨ ᠠᠭᠤᠯᠠ ᠣᠷᠣᠰᠢᠨ᠎ᠠ᠃ ᠪᠠᠷᠠᠭᠤᠨ ᠬᠣᠶᠢᠳ ᠪᠤᠯᠤᠨ ᠳᠤ ᠨᠢ ᠤᠯᠠᠭᠠᠨᠪᠠᠭᠠᠲᠤᠷ ᠬᠣᠲᠠ ᠬᠠᠷᠠᠭᠳᠠᠬᠤ ᠪᠥᠭᠡᠳ ᠲᠤᠭᠤᠯ ᠭᠣᠣᠯ ᠬᠣᠲᠠ᠂ ᠠᠭᠤᠯᠠ ᠬᠣᠶᠠᠷ ᠤᠨ ᠬᠣᠭᠣᠷᠣᠨᠳᠣ ᠤᠷᠤᠰᠤᠨ᠎ᠠ᠃ ᠡᠮᠦᠨ᠎ᠡ ᠲᠠᠯ᠎ᠠ ᠳᠤ ᠨᠢ ᠵᠠᠭᠤᠨᠠᠮ᠎ᠠ ᠳᠤ᠂ ᠵᠡᠭᠦᠨ ᠲᠠᠯ᠎ᠠ ᠳᠤ ᠨᠢ ᠨᠠᠯᠠᠶᠢᠬᠤ᠂ ᠪᠠᠷᠠᠭᠤᠨ ᠲᠠᠯ᠎ᠠ ᠳᠤ ᠨᠢ ᠴᠢᠩᠭᠢᠰ ᠬᠠᠭᠠᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠪᠠᠶᠢᠷᠢᠯᠠᠳᠠᠭ᠃ ᠬᠡᠨᠲᠡᠢ ᠶᠢᠨ ᠨᠢᠷᠤᠭᠤᠨ ᠤ ᠭᠣᠣᠯᠯᠠᠬᠤ ᠠᠮᠢᠲᠠᠨ ᠤ ᠠᠶᠢᠮᠠᠭ ᠢ ᠪᠦᠷᠢᠳᠦᠭᠦᠯᠦᠭᠴᠢ ᠬᠥᠬᠥᠲᠡᠨ ᠠᠮᠢᠲᠠᠳ ᠤᠨ ᠨᠤᠲᠤᠭᠰᠢᠯ ᠤᠨ ᠬᠠᠮᠤᠭ ᠤᠨ ᠤᠷᠳᠤ ᠬᠢᠯᠢ ᠨᠢ ᠪᠣᠭᠳᠠ ᠬᠠᠨ ᠠᠭᠤᠯᠠ ᠪᠣᠯᠤᠨ᠎ᠠ᠃ ᠲᠠᠷᠪᠠᠭ᠎ᠠ᠂ ᠵᠤᠷᠠᠮ᠎ᠠ᠂ ᠵᠠᠷᠠᠭ᠎ᠠ᠂ ᠮᠠᠨᠤᠤᠯ᠂ ᠪᠤᠯᠠᠭ᠎ᠠ᠂ ᠰᠢᠯᠦᠭᠦᠰᠦ᠂ ᠪᠤᠭᠤ᠂ ᠪᠣᠷᠣ ᠭᠥᠷ ᠡᠴᠡ᠂ ᠠᠷᠭᠠᠯᠢ᠂ ᠶᠠᠩᠭᠢᠷ ᠲᠡᠷᠢᠭᠦᠲᠡᠨ 54 ᠵᠦᠢᠯ ᠦᠨ ᠬᠥᠬᠥᠲᠡᠨ ᠠᠮᠢᠲᠠᠨ ᠪᠦᠷᠢᠳᠬᠡᠭᠳᠡᠭᠰᠡᠨ᠃ ᠵᠢᠭᠦᠷᠲᠡᠨ ᠰᠢᠪᠠᠭᠤᠳ ᠠᠴᠠ ᠪᠥᠲᠥᠨᠡ᠂ ᠪᠣᠯᠵᠣᠮᠣᠷ᠂ ᠬᠠᠷᠢᠶᠠᠴᠠᠢ᠂ ᠬᠠᠭᠠᠷᠢᠭᠤᠯᠳᠠᠢ᠂ ᠲᠣᠭᠣᠷᠤᠤ᠂ ᠥᠷᠪᠢᠲᠠᠰ᠂ ᠬᠠᠷᠴᠠᠭ᠎ᠠ᠂ ᠱᠣᠩᠬᠣᠷ᠂ ᠪᠦᠷᠭᠦᠳ ᠵᠡᠷᠭᠡ 194 ᠵᠦᠢᠯ ᠦᠨ ᠰᠢᠪᠠᠭᠤ ᠪᠦᠷᠢᠳᠬᠡᠭᠳᠡᠵᠡᠢ᠃ ᠤᠷᠭᠤᠮᠠᠯ ᠤᠨ ᠠᠶᠢᠮᠠᠭ ᠤᠨ ᠬᠤᠪᠢ ᠳᠤ ᠨᠡᠶᠢᠲᠡ ᠲᠠᠯᠠᠪᠠᠢ ᠶᠢᠨ 55.8 ᠬᠤᠪᠠ ᠶᠢ ᠰᠢᠨᠡᠰᠦ᠂ ᠭᠠᠴᠤᠤᠷ᠂ ᠬᠤᠰᠢ᠂ ᠨᠠᠷᠠᠰᠤ᠂ ᠬᠤᠰᠤ᠂ ᠪᠤᠲᠠ ᠰᠥᠭᠦᠨ ᠡᠴᠡ ᠪᠦᠷᠢᠳᠦᠭᠰᠡᠨ ᠣᠢ ᠮᠣᠳᠣ ᠡᠵᠡᠯᠡᠨ᠎ᠡ᠃ ᠠᠭᠤᠯᠠ ᠶᠢᠨ ᠣᠷᠣᠢ ᠶᠢᠨ ᠬᠡᠰᠡᠭ᠂ ᠪᠠᠷᠠᠭᠤᠨ᠂ ᠪᠠᠷᠠᠭᠤᠨ ᠬᠣᠢ ᠳᠤ ᠲᠠᠯ᠎ᠠ ᠶᠢᠨ ᠵᠠᠷᠢᠮ ᠭᠠᠵᠠᠷ ᠲᠤ ᠬᠤᠰᠢᠩ ᠣᠢ ᠵᠣᠩᠬᠢᠯᠠᠬᠤ ᠪᠣᠯ᠂ ᠪᠠᠷᠠᠭᠤᠨ ᠤᠷᠳᠤ ᠪᠠ ᠡᠮᠦᠨᠡᠲᠦ ᠬᠡᠰᠡᠭ ᠢᠶᠡᠷ ᠭᠠᠴᠤᠤᠷ ᠤᠨ ᠣᠢ᠂ ᠪᠠᠷᠠᠭᠤᠨ ᠤᠷᠳᠤ ᠬᠡᠰᠡᠭ ᠢᠶᠡᠷ ᠨᠠᠷᠠᠰᠤᠨ ᠣᠢ᠂ ᠬᠣᠶᠢᠳ ᠪᠠ ᠵᠡᠭᠦᠨ ᠬᠡᠰᠡᠭ ᠢᠶᠡᠷ ᠰᠢᠨᠡᠰᠦᠨ ᠣᠢ ᠵᠣᠩᠬᠢᠯᠳᠤᠨ ᠲᠠᠷᠬᠠᠭᠰᠠᠨ ᠪᠠᠶᠢᠨ᠎ᠠ᠃ ᠡᠨᠳᠡ 70 ᠣᠪᠤᠭ ᠤᠨ᠂ 256 ᠲᠥᠷᠥᠯ ᠦᠨ᠂ 587 ᠵᠦᠢᠯ ᠦᠨ ᠤᠷᠭᠤᠮᠠᠯ ᠤᠷᠭᠤᠳᠠᠭ᠃ ᠤᠯᠠᠭᠠᠨᠪᠠᠭᠠᠲᠤᠷ ᠬᠣᠲᠠ ᠶᠢᠨ ᠨᠤᠲᠤᠭ ᠤᠨ ᠵᠡᠭᠦᠨ ᠤᠷᠢᠳᠤ ᠵᠠᠬ᠎ᠠ ᠳᠤ ᠨᠠᠯᠠᠶᠢᠬᠤ ᠠᠴᠠ ᠵᠡᠭᠦᠨ ᠤᠷᠤᠭᠰᠢ ᠬᠡᠨᠲᠡᠢ ᠶᠢᠨ ᠨᠢᠷᠤᠭᠤᠨ ᠤ ᠪᠠᠷᠠᠭᠤᠨ ᠤᠷᠢᠳᠤ ᠵᠠᠬ᠎ᠠ ᠳᠤ ᠤᠷᠤᠰᠢᠬᠤ 1854 ᠮᠧᠲ᠋ᠷ ᠥᠨᠳᠥᠷ ᠴᠣᠭᠲᠤᠴᠢᠨᠳᠠᠮᠠᠨᠢ ᠤᠤᠯ ᠨᠢ ᠬᠣᠶᠢᠳ ᠮᠥᠰᠦᠨ ᠳᠠᠯᠠᠢ ᠶᠢᠨ ᠰᠠᠪᠠ᠂ ᠨᠣᠮᠣᠬᠠᠨ ᠳᠠᠯᠠᠢ ᠶᠢᠨ ᠰᠠᠪᠠ᠂ ᠲᠥᠪ ᠠᠽᠢᠶ᠎ᠠ ᠶᠢᠨ ᠳᠣᠲᠣᠭᠠᠳᠤ ᠶᠢᠨ ᠭᠠᠳᠠᠭᠰᠢ ᠤᠷᠤᠰᠬᠠᠯ ᠦᠭᠡᠢ ᠠᠢ ᠰᠠᠪᠠ ᠶᠢᠨ ᠤᠰᠤᠨ ᠤ ᠬᠠᠭᠠᠯᠪᠤᠷᠢ ᠪᠣᠯᠤᠨ᠎ᠠ᠃ ᠡᠨᠡ ᠨᠢ ᠵᠥᠪᠬᠡᠨ ᠮᠣᠩᠭᠣᠯ ᠤᠨ ᠲᠡᠳᠦᠢ ᠦᠭᠡᠢ ᠳᠡᠯᠡᠬᠡᠢ ᠶᠢᠨ ᠤᠰᠤᠨ ᠤ ᠠᠢ ᠰᠠᠪᠠ ᠬᠠᠭᠠᠯᠪᠤᠷᠢ ᠪᠣᠯᠵᠤ ᠪᠠᠶᠢᠭ᠎ᠠ ᠴᠢᠬᠤᠯᠠ ᠭᠠᠵᠠᠷ ᠪᠢᠯᠡ᠃ ᠤᠯᠠᠭᠠᠨᠪᠠᠭᠠᠲᠤᠷ ᠬᠣᠲᠠ ᠶᠢᠨ ᠨᠠᠯᠠᠶᠢᠬᠤ ᠳᠡᠭᠦᠷᠭᠡ ᠶᠢᠨ ᠨᠤᠲᠤᠭ ᠳᠡᠪᠢᠰᠬᠡᠷ ᠲᠦ ᠴᠡᠷᠳᠡᠶᠢᠨ ᠭᠠᠯᠪᠠ ᠶᠢᠨ ᠦᠶ᠎ᠡ ᠳᠦ ᠡᠭᠦᠰᠦᠭᠰᠡᠨ ᠨᠡᠭᠦᠷᠡᠰᠦᠨ ᠦ ᠣᠷᠳᠣ ᠭᠠᠵᠠᠷ ᠪᠤᠢ᠃ ХХ ᠵᠠᠭᠤᠨ ᠤ ᠡᠬᠢᠨ ᠦᠶᠡᠰ ᠡᠬᠢᠯᠡᠨ ᠡᠨᠳᠡ ᠡᠴᠡ ᠨᠡᠭᠦᠷᠡᠰᠦ ᠣᠯᠪᠤᠷᠢᠯᠠᠵᠤ ᠡᠬᠢᠯᠡᠭᠰᠡᠨ ᠪᠠᠶᠢᠨ᠎ᠠ᠃ 4 | |||
=ᠪᠠᠢᠢᠭᠠᠯᠢ ᠢᠢᠨ ᠨᠥᠬᠥᠴᠡᠯ= | |||
ᠤᠯᠠᠭᠠᠨᠪᠠᠭᠠᠲᠤᠷ ᠬᠣᠲᠠ ᠶᠢᠨ ᠳᠡᠪᠢᠰᠬᠡᠷᠲᠦ ᠠᠷᠵᠠᠩᠴᠢᠪᠯᠠᠩ ᠤᠨ ᠣᠷᠴᠢᠮ ᠳᠤ ᠠᠯᠲᠠ᠂ ᠴᠠᠭᠠᠨ ᠲᠤᠭᠤᠯᠭᠠᠨ ᠤ ᠣᠷᠳᠣ ᠪᠤᠢ ᠪᠥᠭᠡᠳ ᠭᠢᠨᠲᠠ᠂ ᠠᠯᠲᠠ᠂ ᠬᠠᠶᠢᠯᠤᠭᠤᠷ ᠵᠣᠩᠰᠢᠨ ᠤ ᠢᠯᠡᠷᠡᠯ᠂ ᠰᠡᠯᠪᠢ ᠶᠢᠨ ᠭᠣᠣᠯ ᠳᠤ ᠠᠯᠲᠠ᠂ ᠲᠡᠮᠦᠷ ᠦᠨ ᠢᠯᠡᠷᠡᠯ ᠦᠳ ᠪᠤᠢ᠃ ᠡᠯᠡᠰᠦᠲᠦ ᠶᠢᠨ ᠭᠣᠣᠯ ᠳᠤ ᠰᠢᠯᠢᠨ ᠦ ᠡᠯᠡᠰᠦ᠂ ᠪᠤᠰᠤᠳ ᠭᠠᠵᠠᠷ ᠢᠶᠠᠷ ᠰᠢᠪᠠᠷ ᠤᠨ ᠪᠠᠶᠠᠯᠢᠭ ᠨᠡᠯᠢᠶᠡᠳ ᠪᠤᠢ᠃ ᠤᠯᠠᠭᠠᠨᠪᠠᠭᠠᠲᠤᠷ ᠬᠣᠲᠠ ᠶᠢᠨ ᠠᠭᠤᠷ ᠠᠮᠢᠰᠬᠤᠯ ᠨᠢ ᠮᠠᠨ ᠤ ᠣᠷᠣᠨ ᠤ ᠠᠭᠤᠷ ᠠᠮᠢᠰᠬᠤᠯ ᠤᠨ ᠡᠬᠡ ᠭᠠᠵᠠᠷᠯᠠᠭ ᠰᠢᠨᠵᠢ ᠴᠢᠨᠠᠷ ᠢ ᠪᠦᠷᠢᠨ ᠢᠯᠡᠷᠬᠡᠶᠢᠯᠡᠬᠦ ᠡᠷᠡᠰ ᠲᠡᠰᠦ ᠰᠢᠨᠵᠢ ᠲᠡᠢ᠃ ᠰᠡᠷᠢᠭᠦᠨ ᠪᠥᠰᠡ ᠶᠢᠨ ᠡᠬᠡ ᠭᠠᠵᠠᠷ ᠤᠨ ᠠᠭᠤᠷ ᠠᠮᠢᠰᠬᠤᠯ ᠤᠨ ᠡᠷᠡᠰ ᠲᠡᠰᠦ ᠡᠬᠡ ᠭᠠᠵᠠᠷᠯᠠᠭ ᠰᠢᠨᠵᠢ ᠴᠢᠨᠠᠷ ᠢ ᠢᠯᠡᠷᠬᠡᠶᠢᠯᠡᠭᠰᠡᠨ ᠲᠣᠳᠣᠷᠬᠠᠢ ᠢᠯᠭᠠᠷᠠᠭᠰᠠᠨ ᠵᠢᠯ ᠦᠨ ᠳᠥᠷᠪᠡᠨ ᠤᠯᠠᠷᠢᠯ ᠲᠠᠢ᠃ ᠡᠪᠦᠯ ᠨᠢ ᠬᠦᠢᠲᠡᠨ᠂ ᠦᠨᠡᠮᠯᠡᠬᠦᠢ ᠪᠠᠭ᠎ᠠ ᠲᠧᠮᠫᠧᠷᠠᠲᠦ᠋ᠷ ᠨᠢ -49 ᠣᠰ ᠬᠦᠷᠡᠳᠡᠭ᠂ ᠦᠨᠡᠮᠯᠡᠬᠦᠢ ᠶᠡᠬᠡ ᠲᠧᠮᠫᠧᠷᠠᠲᠦ᠋ᠷ ᠨᠢ 38.6 ᠣᠰ᠂ ᠦᠨᠡᠮᠯᠡᠬᠦᠢ ᠶᠡᠬᠡ ᠪᠠᠭ᠎ᠠ ᠲᠧᠮᠫᠧᠷᠠᠲᠦ᠋ᠷ ᠤᠨ ᠠᠭᠤᠷᠢᠭ ᠨᠢ 87.6 ᠣᠰ ᠪᠣᠯᠳᠠᠭ ᠡᠨᠡ ᠡᠷᠡᠰ ᠲᠡᠰᠦ ᠢᠯᠭᠠᠭ᠎ᠠ ᠲᠠᠢ ᠪᠥᠭᠡᠳ ᠡᠶᠢᠮᠦ ᠶᠡᠬᠡ ᠵᠥᠷᠢᠶ᠎ᠡ ᠳᠡᠯᠡᠬᠡᠢ ᠶᠢᠨ ᠠᠯᠢ ᠴᠤ ᠤᠯᠤᠰ ᠤᠨ ᠨᠡᠶᠢᠰᠯᠡᠯ ᠳᠦ ᠭᠠᠷᠳᠠᠭ ᠦᠭᠡᠢ ᠪᠠᠶᠢᠬᠤ᠃ ᠵᠢᠯ ᠦᠨ ᠳᠤᠮᠳᠠᠴᠢ ᠲᠧᠮᠫᠧᠷᠠᠲᠦ᠋ᠷ ᠨᠢ -3 ᠣᠰ᠂ ᠬᠠᠮᠤᠭ ᠤᠨ ᠬᠦᠢᠲᠡᠨ 1 ᠍ ᠳᠦᠭᠡᠷ ᠰᠠᠷ᠎ᠠ ᠶᠢᠨ ᠲᠧᠮᠫᠧᠷᠠᠲᠦ᠋ᠷ ᠨᠢ -26 ᠣᠰ ᠪᠠᠶᠢᠬᠤ ᠪᠥᠭᠡᠳ -30 ᠣᠰ ᠠᠴᠠ ᠪᠠᠭᠤᠵᠤ ᠬᠦᠢᠲᠡᠷᠡᠬᠦ ᠡᠳᠦᠷ ᠦᠨ ᠲᠣᠭ᠎ᠠ ᠵᠢᠯ ᠳᠦ 40 ᠣᠷᠴᠢᠮ ᠪᠠᠶᠢᠨ᠎ᠠ᠃ ᠤᠯᠠᠭᠠᠨᠪᠠᠭᠠᠲᠤᠷ ᠲᠤ ᠬᠦᠢᠲᠡᠷᠡᠯᠲᠡ ᠭᠦᠢ ᠦᠷᠭᠦᠯᠵᠢᠯᠡᠬᠦ ᠬᠤᠭᠤᠴᠠᠭ᠎ᠠ 5 ᠍ ᠳᠦᠭᠡᠷ ᠰᠠᠷ᠎ᠠ ᠶᠢᠨ 29 ᠍ ᠤ ᠣᠷᠴᠢᠮ ᠠᠴᠠ 9 ᠍ ᠳᠦᠭᠡᠷ ᠰᠠᠷ᠎ᠠ ᠶᠢᠨ 2 ᠣᠷᠴᠢᠮ ᠬᠦᠷᠲᠡᠯ᠎ᠡ ᠪᠤᠶᠤ 90 ᠬᠣᠨᠣᠭ ᠪᠠᠶᠢᠨ᠎ᠠ᠃ ᠡᠨᠡ ᠬᠤᠭᠤᠴᠠᠭᠠᠨ ᠳᠤ ᠠᠭᠠᠷ ᠤᠨ ᠲᠧᠮᠫᠧᠷᠠᠲᠦ᠋ᠷ 0 ᠣᠰ ᠠᠴᠠ ᠳᠣᠭᠣᠭᠰᠢ ᠪᠠᠭᠤᠬᠤ ᠦᠭᠡᠢ᠃ ᠵᠢᠯ ᠦᠨ ᠬᠠᠮᠤᠭ ᠤᠨ ᠳᠤᠯᠠᠭᠠᠨ ᠰᠠᠷ᠎ᠠ ᠨᠢ 7 ᠍ ᠳᠦᠭᠡᠷ ᠰᠠᠷ᠎ᠠ ᠪᠥᠭᠡᠳ ᠳᠤᠮᠳᠠᠴᠢ ᠲᠧᠮᠫᠧᠷᠠᠲᠦ᠋ᠷ ᠨᠢ 17 ᠣᠰ᠂ ᠬᠠᠮᠤᠭ ᠤᠨ ᠬᠠᠯᠠᠭᠤᠨ ᠪᠣᠯᠤᠭᠰᠠᠨ ᠨᠢ 38 ᠣᠰ ᠬᠦᠷᠦᠭᠰᠡᠨ᠃ ᠵᠤᠨ ᠳᠤ ᠪᠠᠨ 30 ᠣᠰ ᠠᠴᠠ ᠳᠠᠪᠠᠵᠤ ᠬᠠᠯᠠᠭᠤᠨ ᠪᠣᠯᠬᠤ ᠡᠳᠦᠷ ᠦᠨ ᠲᠣᠭ᠎ᠠ 10 ᠣᠷᠴᠢᠮ᠂ ᠭᠠᠨ ᠪᠣᠯᠬᠤ ᠮᠠᠭᠠᠳᠯᠠᠯ 30 ᠣᠷᠴᠢᠮ ᠬᠤᠪᠢ ᠪᠠᠶᠢᠳᠠᠭ᠃ ᠤᠯᠠᠭᠠᠨᠪᠠᠭᠠᠲᠤᠷ ᠬᠣᠲᠠ ᠨᠢ ᠳᠡᠯᠡᠬᠡᠢ ᠶᠢᠨ ᠬᠠᠮᠤᠭ ᠤᠨ ᠴᠡᠯᠮᠡᠭ ᠬᠥᠬᠡ ᠲᠩᠷᠢ ᠳᠦ ᠬᠣᠲᠠ ᠨᠤᠭᠤᠳ ᠤᠨ ᠨᠢᠭᠡ ᠪᠥᠭᠡᠳ ᠵᠢᠯ ᠳᠦ ᠪᠡᠨ 250 ᠍ ᠊ᠭᠠᠳ ᠬᠣᠨᠣᠭ ᠴᠡᠯᠮᠡᠭ ᠪᠠᠶᠢᠳᠠᠭ᠃ ᠤᠯᠠᠭᠠᠨᠪᠠᠭᠠᠲᠤᠷ ᠬᠣᠲᠠ ᠮᠠᠨ ᠤ ᠣᠷᠣᠨ ᠤ ᠰᠠᠯᠬᠢ ᠪᠠᠭᠠᠲᠠᠢ ᠭᠠᠵᠠᠷ ᠤᠨ ᠲᠣᠭᠠᠨ ᠳᠤ ᠣᠷᠣᠨ᠎ᠠ᠃ ᠵᠢᠯ ᠳᠦ ᠪᠡᠨ ᠰᠠᠯᠬᠢ ᠦᠭᠡᠢ ᠡᠳᠦᠷ 100 ᠣᠷᠴᠢᠮ ᠪᠠᠶᠢᠬᠤ ᠪᠥᠭᠡᠳ ᠰᠠᠯᠬᠢᠨ ᠤ ᠬᠤᠷᠳᠤ 4-6 ᠮ\ᠰ᠂ ᠪᠠᠷᠠᠭᠤᠨ ᠬᠣᠶᠢᠳ ᠵᠦᠭ ᠦᠨ ᠰᠠᠯᠬᠢ ᠭᠣᠣᠯᠯᠠᠨ᠎ᠠ᠃ ᠡᠪᠦᠯ ᠰᠠᠯᠬᠢ ᠪᠠᠭᠠᠲᠠᠢ᠂ ᠬᠠᠪᠤᠷ ᠨᠢ ᠰᠠᠯᠬᠢ ᠶᠡᠬᠡ ᠲᠡᠢ᠃ ᠮᠣᠩᠭᠣᠯ ᠣᠷᠣᠨ ᠤ ᠠᠭᠤᠷ ᠠᠮᠢᠰᠬᠤᠯ ᠤᠨ ᠮᠤᠵᠢᠯᠠᠯ ᠤᠨ ᠬᠤᠪᠢ ᠳᠤ ᠠᠪᠴᠤ ᠦᠵᠡᠪᠡᠯ ᠤᠯᠠᠭᠠᠨᠪᠠᠭᠠᠲᠤᠷ ᠬᠣᠲᠠ ᠨᠢ ᠬᠠᠭᠤᠷᠠᠶᠢᠳᠠᠭᠤ ᠰᠡᠷᠢᠭᠦᠨ ᠵᠤᠨ ᠲᠠᠢ ᠬᠠᠬᠢᠷ ᠡᠪᠦᠯ ᠲᠡᠢ ᠨᠤᠲᠤᠭ ᠲᠤ ᠪᠠᠭᠠᠳᠤᠨ᠎ᠠ᠃ ᠤᠯᠠᠭᠠᠨᠪᠠᠭᠠᠲᠤᠷ ᠲᠤ ᠵᠢᠯ ᠳᠦ ᠳᠤᠮᠳᠠᠴᠢ ᠪᠠᠷ 233 ᠮᠢᠯᠯᠢᠮᠧᠲ᠋ᠷ ᠲᠤᠨᠤᠳᠠᠰᠤ ᠤᠨᠠᠵᠤ᠂ ᠠᠭᠤᠷᠰᠢᠯᠲᠠ ᠨᠢ 648 ᠮᠢᠯᠯᠢᠮᠧᠲ᠋ᠷ ᠪᠣᠯᠳᠠᠭ᠃ ᠴᠢᠭᠢᠭᠰᠢᠯ ᠦᠨ ᠪᠠᠶᠢᠳᠠᠯ 0.36 ᠪᠠᠶᠢᠳᠠᠭ᠃ ᠠᠭᠠᠷ ᠤᠨ ᠬᠠᠷᠢᠴᠠᠩᠭᠤᠢ ᠴᠢᠭᠢᠭ 1 ᠍ ᠳᠦᠭᠡᠷ ᠰᠠᠷ᠎ᠠ ᠳᠤ 70 ᠣᠷᠴᠢᠮ ᠬᠤᠪᠢ᠂ 7 ᠍ ᠳᠦᠭᠡᠷ ᠰᠠᠷ᠎ᠠ ᠳᠤ 60 ᠣᠷᠴᠢᠮ ᠬᠤᠪᠢ ᠪᠠᠶᠢᠳᠠᠭ᠃ ᠤᠯᠠᠭᠠᠨᠪᠠᠭᠠᠲᠤᠷ ᠬᠣᠲᠠ ᠶᠢᠨ ᠨᠤᠲᠤᠭ ᠨᠢ ᠪᠦᠬᠦᠯᠢ ᠳᠦ ᠪᠡᠨ ᠬᠣᠶᠢᠳ ᠮᠥᠰᠦᠨ ᠳᠠᠯᠠᠢ ᠶᠢᠨ ᠰᠠᠪᠠ ᠳᠤ ᠪᠠᠭᠠᠳᠤᠨ᠎ᠠ᠃ ᠪᠠᠷᠤᠭ ᠪᠦᠬᠦ ᠭᠣᠣᠯ ᠨᠢ ᠲᠤᠭᠤᠯ ᠭᠣᠣᠯ ᠤᠨ ᠰᠠᠪᠠ ᠭᠣᠣᠯ ᠶᠤᠮ᠃ ᠬᠠᠨ-ᠠᠭᠤᠯᠠ ᠳᠡᠭᠦᠷᠭᠡ ᠶᠢᠨ ᠨᠤᠲᠤᠭ ᠳᠡᠪᠢᠰᠬᠡᠷ ᠲᠦ ᠲᠤᠭᠤᠯ ᠭᠣᠣᠯ ᠤᠨ ᠬᠥᠪᠡᠭᠡᠨ ᠳᠦ ᠨᠡᠭᠦᠷᠡᠰᠦᠭᠦᠴᠢᠯ ᠳᠦ ᠮᠠᠭᠨᠢ ᠶᠢᠨ ᠢᠰᠦᠭᠯᠡᠨ ᠳᠠᠪᠤᠰᠤᠲᠤ ᠰᠠᠴᠤᠷᠠᠭ ᠢᠳᠡᠪᠬᠢ ᠳᠦ ᠪᠣᠳᠠᠰ ᠲᠠᠢ ᠭᠢᠳ᠋ᠷᠣᠺᠠᠷᠪᠶᠣᠨᠠᠲ ᠺᠠᠯᠢᠼᠲᠤ ᠷᠠᠰᠢᠶᠠᠨ ᠪᠤᠢ᠃ ᠭᠠᠴᠤᠤᠷ ᠲᠤ ᠲᠣᠰᠬᠣᠨ ᠳᠤ ᠴᠠᠭᠠᠨ ᠡᠷᠭᠡᠨ ᠦ᠂ ᠰᠡᠯᠪᠢ ᠶᠢᠨ ᠳᠠᠮᠪᠠᠳᠠᠷᠵᠢᠭᠠᠳ᠂ ᠶᠡᠬᠡ ᠲᠩᠷᠢ ᠶᠢᠨ ᠠᠮᠠᠨ ᠳᠤ ᠷᠠᠰᠢᠶᠠᠨ ᠪᠤᠢ᠃ ᠨᠠᠯᠠᠶᠢᠬᠤ ᠳᠡᠭᠦᠷᠭᠡ ᠶᠢᠨ ᠳᠡᠪᠢᠰᠬᠡᠷᠲᠦ ᠭᠢᠳ᠋ᠷᠣᠺᠠᠷᠪᠶᠣᠨᠠᠲ᠂ ᠺᠠᠯ ᠮᠠᠭᠨᠢ ᠳᠤ᠂ ᠨᠡᠭᠦᠷᠡᠰᠦᠭᠦᠴᠢᠯ ᠦᠨ ᠬᠡᠢ ᠲᠡᠢ᠂ ᠷᠠᠳᠣᠨ ᠲᠠᠢ ᠠᠷᠵᠠᠩᠴᠢᠪᠯᠠᠩ ᠤᠨ ᠷᠠᠰᠢᠶᠠᠨ ᠪᠤᠢ᠃ ᠨᠠᠯᠠᠶᠢᠬᠤ ᠶᠢᠨ ᠪᠥᠰᠡ ᠳᠦ ᠨᠠᠭᠤᠷ ᠢ ᠠᠷᠠᠳ ᠤᠳ ᠷᠠᠰᠢᠶᠠᠨ ᠭᠡᠵᠦ ᠠᠰᠢᠭᠯᠠᠳᠠᠭ᠃ ᠤᠯᠠᠭᠠᠨᠪᠠᠭᠠᠲᠤᠷ ᠤᠨ ᠣᠷᠴᠢᠮ ᠤᠨ ᠭᠣᠣᠯ ᠤᠳ ᠤᠨ ᠤᠰᠤ ᠬᠢᠮᠢ ᠶᠢᠨ ᠨᠠᠶᠢᠷᠠᠯᠭ᠎ᠠ ᠶᠢᠨ ᠬᠤᠪᠢ ᠳᠤ ᠭᠢᠳ᠋ᠷᠣᠺᠠᠷᠪᠶᠢᠨᠲᠠᠯᠢᠭ ᠠᠩᠭᠢᠯᠠᠯ ᠳᠤ ᠪᠠᠭᠠᠳᠬᠤ ᠪᠥᠭᠡᠳ ᠭᠣᠣᠯ ᠤᠨ ᠰᠦᠯᠵᠢᠶᠡᠨ ᠦ ᠨᠢᠭᠲᠠᠰᠢᠯᠲᠠ 0.01-0.05 ᠺᠢᠯᠣᠮᠧᠲ᠋ᠷ\ᠺᠮ 2 ᠪᠠᠶᠢᠨ᠎ᠠ᠃ ᠤᠯᠠ ᠬᠥᠷᠦᠰᠦᠨ ᠦ ᠴᠡᠪᠳᠡᠭ ᠤᠯᠠᠭᠠᠨᠪᠠᠭᠠᠲᠤᠷ ᠤᠨ ᠳᠡᠪᠢᠰᠬᠡᠷᠲᠦ ᠲᠣᠯᠪᠣ ᠪᠠᠶᠢᠳᠠᠯ ᠢᠶᠠᠷ ᠲᠠᠷᠬᠠᠭᠰᠠᠨ ᠪᠠᠶᠢᠨ᠎ᠠ᠃ ᠨᠤᠲᠤᠭ ᠤᠨ ᠬᠣᠶᠢᠳ ᠵᠠᠬ᠎ᠠ ᠪᠠᠷ ᠰᠢᠷᠢᠭᠢ ᠳᠦ ᠲᠠᠶᠢᠭ᠎ᠠ ᠶᠢᠨ ᠭᠦᠨᠳᠡᠭᠡ ᠴᠡᠪᠳᠡᠭ ᠲᠡᠢ ᠬᠥᠷᠥᠰᠥ᠂ ᠬᠣᠲᠠ ᠶᠢᠨ ᠬᠣᠶᠢᠳ ᠵᠠᠬ᠎ᠠ ᠶᠢᠨ ᠠᠤᠯᠠᠯᠠᠰ ᠢᠶᠠᠷ ᠠᠭᠤᠯᠠ ᠢᠢᠨ ᠨᠤᠨᠲᠠᠭ ᠺᠠᠷᠪᠶᠢᠨᠲᠠᠯᠢᠭ ᠬᠠᠷ᠎ᠠ ᠬᠦᠷᠢᠨ ᠬᠥᠷᠥᠰᠥ᠂ ᠲᠤᠭᠤᠯ ᠭᠣᠣᠯ ᠤᠨ ᠬᠥᠨᠳᠡᠣᠭ ᠢᠶᠡᠷ ᠨᠤᠭᠤ ᠳᠤ ᠨᠠᠮᠤᠭ ᠤᠨ ᠴᠡᠪᠳᠡᠭᠲᠦ ᠬᠥᠷᠥᠰᠥᠲᠡᠢ᠃ | |||
[[Category:ᠬᠣᠲᠠ]] | |||
[[Category:ᠭᠠᠵᠠᠷᠵᠦᠢ]] | [[Category:ᠭᠠᠵᠠᠷᠵᠦᠢ]] |