Jump to content

"ᠺᠣᠮᠫ᠊ᠯᠧᠺᠰ ᠲᠣᠭ ᠠ"-ны өөр хувилбарууд

Edit
(Images)
(Edit)
118-р мөр: 118-р мөр:
|}
|}
<br>
<br>
== ᠻᠸᠠᠨ᠍ᠲ ᠮᠧᠻᠠᠨᠢᠭ᠌ ==
ᠻᠸᠠᠨ᠍ᠲ ᠮᠧᠻᠠᠨᠢᠭ᠌<sup>quantum mechanics</sup> ᠠᠲ᠋ᠣᠮ ᠠᠴᠠ ᠵᠢᠵᠢᠭ ᠡᠭᠡᠯ ᠪᠥᠭᠡᠮᠰ᠂ ᠶᠠᠭᠤᠨ ᠤ ᠡᠮᠦᠨ᠎ᠡ ᠪᠣᠽᠣᠨ<sup>boson</sup> (ᠵᠢᠱᠢᠶ᠎ᠡ ᠨᠢ ᠹᠣᠲ᠋ᠣᠨ<sup>photon</sup>ᠪᠠ ᠹᠧᠷᠮᠢᠣᠨ ᠤ<sup>fermion</sup> (ᠵᠢᠱᠢᠶᠡᠯᠡᠪᠡᠯ᠂ ᠨᠧᠦᠲ᠋ᠷᠣᠨ) ᠬᠥᠳᠡᠯᠭᠡᠭᠡᠨ᠂ ᠬᠠᠷᠢᠯᠴᠠᠨ ᠦᠢᠯᠡᠴᠢᠯᠡᠯ ᠢ ᠰᠤᠳᠤᠯᠳᠠᠭ᠃ ᠴᠢᠩᠭᠢᠬᠦ ᠳᠦ ᠪᠡᠨ ᠲᠡᠳᠡᠭᠡᠷ ᠦᠨ ᠦᠢᠯᠡ ᠬᠥᠳᠡᠯᠦᠯ ᠦᠨ ᠮᠠᠲ᠋ᠾᠧᠮᠠᠲ᠋ᠢᠭ᠌ ᠲᠣᠳᠣᠷᠬᠠᠶ᠋ᠢᠯᠠᠯᠲᠠ ᠶᠢ ᠮᠠᠭᠠᠳᠯᠠᠯ ᠤᠨ ᠤᠳᠬ᠎ᠠ ᠪᠠᠷ ᠭᠠᠷᠭᠠᠳᠠᠭ᠃ ᠴᠤᠬᠤᠮ ᠳᠠᠭᠠᠨ ᠺᠣᠮᠫ᠊ᠯᠧᠺᠰ ᠲᠣᠭ᠎ᠠ ᠻᠸᠠᠨ᠍ᠲ ᠮᠧᠻᠠᠨᠢᠭ᠌ ᠤᠨ ᠦᠨᠳᠦᠰᠦ ᠰᠠᠭᠤᠷᠢ ᠪᠣᠯᠳᠠᠭ᠃ ᠻᠸᠠᠨ᠍ᠲ ᠮᠧᠻᠠᠨᠢᠭ᠌ ᠲᠤ ᠱᠷᠥ᠋ᠲᠢᠩᠧᠷ ᠤᠨ <sup>Schrödinger</sup> ᠲᠡᠭᠰᠢᠳᠬᠡᠯ ᠦᠨ ᠠᠴᠢ ᠬᠣᠯᠪᠣᠭᠳᠠᠯ ᠨᠢ ᠰᠣᠩᠭᠣᠳᠠᠭ ᠹᠢᠽᠢᡘ ᠳ᠋ᠡᠬᠢ ᠨᠧᠧᠲ᠋ᠣᠨ᠍ ᠤ ᠬᠣᠶᠠᠳᠤᠭᠠᠷ ᠬᠠᠤᠯᠢ ᠶᠢᠨ ᠠᠳᠠᠯᠢ ᠶᠤᠮ᠃ ᠠᠯᠢ ᠠᠯᠢ ᠨᠢ ᠪᠥᠭᠡᠮ ᠦᠨ ᠪᠠᠶ᠋ᠢᠷᠢᠯᠠᠯ᠂ ᠢᠮᠫᠦ᠋ᠯᠰ ᠢ <sup>impuls</sup> ᠮᠠᠲ᠋ᠾᠧᠮᠠᠲ᠋ᠢᠭᠴᠢᠯᠠᠨ ᠲᠣᠳᠣᠷᠬᠠᠶ᠋ᠢᠯᠠᠳᠠᠭ᠃ ᠺᠣᠮᠫ᠊ᠯᠧᠺᠰ ᠲᠣᠭ᠎ᠠ ᠨᠢ ᠳᠣᠯᠭᠢᠶᠠᠨ ᠤ ᠹᠦᠨ᠍ᠻᠼ ᠢ<sup>function</sup> ᠢᠯᠡᠷᠬᠡᠶ᠋ᠢᠯᠡᠬᠦ ᠳᠦ ᠲᠣᠬᠢᠷᠠᠮᠵᠢ ᠲᠠᠢ ᠤᠴᠢᠷ ᠠᠴᠠ ᠹᠢᠽᠢᠻ ᠦᠨ ᠡᠨᠡ ᠰᠠᠯᠪᠤᠷᠢ ᠳᠤ ᠵᠠᠶ᠋ᠢᠯᠠᠰᠢ ᠦᠭᠡᠢ ᠱᠠᠭᠠᠷᠳᠠᠯᠭ᠎ᠠ ᠲᠠᠢ ᠶᠤᠮ᠃ ᠴᠠᠭᠠᠰᠢᠯᠠᠪᠠᠯ᠂ ᠻᠸᠠᠨ᠍ᠲ ᠮᠧᠻᠠᠨᠢᠭ᠌ ᠤᠨ ᠰᠢᠭᠤᠳ ᠨᠥᠯᠥᠭᠡ ᠪᠡᠷ ᠬᠢᠮᠢ ᠶᠢᠨ ᠰᠢᠨᠵᠢᠯᠡᠬᠦ ᠤᠬᠠᠭᠠᠨ ᠤ ᠬᠥᠭᠵᠢᠯ ᠡᠷᠴᠢᠮᠵᠢᠭᠰᠡᠨ᠃ 1927 ᠣᠨ ᠳᠤ ᠸᠠᠯᠲ᠋ᠧᠷ ᠾᠠᠢᠢᠲ᠋ᠯᠧᠷ<sup>Walter Heitler</sup> ᠂ ᠹᠷᠢᠼ ᠯᠣᠨ᠍ᠳᠣᠨ<sup>Fritz London</sup> ᠨᠠᠷ ᠸᠠᠯᠧᠨ᠍ᠲ ᠤᠨ ᠬᠣᠯᠪᠣᠭᠠᠰᠤ ᠶᠢᠨ ᠣᠨᠣᠯ ᠢ ᠲᠣᠮᠢᠶᠠᠯᠠᠭᠰᠠᠨ᠃ ᠻᠸᠠᠨ᠍ᠲ ᠮᠧᠻᠠᠨᠢᠭ᠌ ᠤᠨ ᠨᠢᠭᠡ ᠭᠣᠣᠯ ᠠᠰᠠᠭᠤᠳᠠᠯ ᠪᠣᠯ ᠡᠭᠡᠯ ᠪᠥᠭᠡᠮᠰ ᠦᠨ ᠳᠣᠯᠭᠢᠶᠠᠨ ᠤ ᠹᠦᠨ᠍ᠻᠼ ᠢ ᠤᠯᠬᠤ ᠶᠠᠪᠤᠳᠠᠯ ᠶᠤᠮ᠃ ᠳᠣᠯᠭᠢᠶᠠᠨ ᠤ ᠹᠦᠨ᠍ᠻᠼ ᠭᠡᠳᠡᠭ ᠨᠢ ᠲᠣᠳᠣᠷᠬᠠᠢ ᠬᠤᠭᠤᠴᠠᠭᠠᠨ ᠤ ᠵᠤᠷᠪᠤᠰ ᠲᠤ ᠡᠭᠡᠯ ᠪᠥᠭᠡᠮ ᠦᠨ ᠪᠠᠶ᠋ᠢᠵᠤ ᠪᠣᠯᠬᠤ ᠪᠠᠶ᠋ᠢᠷᠢᠰᠢᠯ ᠤᠳ ᠤᠨ ᠺᠣᠮᠫ᠊ᠯᠧᠺᠰ ᠮᠠᠭᠠᠳᠯᠠᠯ ᠤᠨ ᠲᠠᠷᠬᠠᠯᠲᠠ ᠶᠤᠮ. ᠳᠣᠯᠭᠢᠶᠠᠨ ᠤ ᠹᠦᠨ᠍ᠻᠼ ᠲᠦ ᠰᠢᠲᠦᠭᠰᠡᠨ ᠻᠸᠠᠨ᠍ᠲ ᠮᠧᠻᠠᠨᠢᠭ᠌ ᠤᠨ ᠰᠠᠭᠤᠷᠢ ᠲᠣᠮᠢᠶᠠᠨ ᠤ ᠨᠢᠭᠡ ᠪᠣᠯ ᠳᠡᠭᠡᠷ᠎ᠡ ᠳᠤᠷᠠᠳᠤᠭᠰᠠᠨ ᠱᠷᠥ᠋ᠲᠢᠩᠧᠷ ᠤᠨ ᠲᠡᠭᠰᠢᠳᠬᠡᠯ ᠶᠤᠮ᠃
ᠡᠨᠡᠬᠦ ᠲᠣᠮᠢᠶ᠎ᠠ ᠶᠢ ᠠᠰᠢᠭᠯᠠᠭᠰᠠᠨ ‍‍ᠢᠶ᠋ᠠᠷ ᠤᠰᠤ ᠲᠥᠷᠦᠭᠴᠢ ᠶᠢᠨ ᠮᠣᠯᠧᠻᠤᠯ ᠳᠠᠬᠢ ᠬᠣᠶᠠᠷ ᠠᠲ᠋ᠣᠮ ᠨᠢ ᠻᠣᠸᠠᠯᠧᠨ᠍ᠲ<sup>covalent</sup> ᠬᠣᠯᠪᠣᠭ᠎ᠠ ᠭᠡᠳᠡᠭ ᠢ ᠡᠭᠦᠰᠬᠡᠨ ᠧᠯᠧᠻᠲ᠋ᠷᠣᠨ ᠨᠤᠭᠤᠳ ᠢᠢᠠᠨ ᠬᠤᠪᠢᠶᠠᠯᠴᠠᠵᠤ ᠪᠠᠶ᠋ᠢᠳᠠᠭ ᠢ ᠪᠠᠲᠤᠯᠠᠭᠰᠠᠨ᠃<ref>Josiah Wu. Real Life Applications of Complex Numbers. 2020<nowiki/>https://issuu.com/harrowhongkong/docs/final_scientific_harrovian_issue_vi-i/s/11488755</ref>




199

edits