Jump to content

"ᠡᠭᠦᠯᠡ"-ны өөр хувилбарууд

Edit
(Edit)
(Edit)
9-р мөр: 9-р мөр:
<br>
<br>
== ᠲᠡᠢᠢᠨ ᠪᠦᠲᠦᠴᠡ (architecture) ==
== ᠲᠡᠢᠢᠨ ᠪᠦᠲᠦᠴᠡ (architecture) ==
ᠡᠭᠦᠯᠡᠨ ᠦ ᠠᠷᠬᠢᠲ᠋ᠧᠺᠲ᠋ᠣᠷ ᠭᠡᠳᠡᠭ ᠨᠢ ᠡᠭᠦᠯᠡᠨ ᠲᠧᠭᠨᠣᠯᠣᠭᠢ ᠶᠢᠨ ᠠᠵᠢᠯᠯᠠᠭ᠎ᠠ ᠶᠢ ᠳᠡᠮᠵᠢᠬᠦ ᠦᠨᠳᠦᠰᠦᠨ ᠳᠡᠳ᠋ ᠪᠦᠲᠦᠴᠡ᠂ ᠪᠦᠷᠢᠯᠳᠦᠬᠦᠨ ᠬᠡᠰᠡᠭ ᠦᠳ ᠪᠣᠯᠬᠤ ᠥᠭᠭᠥᠭᠳᠡᠯ ᠦᠨ ᠲᠥᠪ ᠦᠨ ᠲᠧᠭᠨᠢᠭ ᠬᠠᠩᠭᠠᠮᠵᠢ᠂ ᠸᠢᠷᠲᠤᠸᠠᠯᠴᠢᠯᠠᠯ᠂ ᠬᠡᠷᠡᠭᠯᠡᠭᠦᠷ ᠦᠳ᠂ ᠦᠢᠯᠡᠴᠢᠯᠡᠭᠡᠨ ᠨᠦᠭᠦᠳ ᠢ ᠬᠡᠯᠡᠳᠡᠭ᠃<ref>An Introduction to Cloud Architecture Design. Intel. ᠬᠠᠨᠳᠤᠭᠰᠠᠨ 2022/01/14 <nowiki>https://www.intel.com/content/www/us/en/cloud-computing/cloud-architecture.html</nowiki></ref>
ᠡᠭᠦᠯᠡᠨ ᠦ ᠠᠷᠻᠢᠲ᠋ᠧᠻᠲ᠋ᠦ᠋ᠷ ᠭᠡᠳᠡᠭ ᠨᠢ ᠡᠭᠦᠯᠡᠨ ᠲᠧᠻᠨᠣᠯᠣᠭᠢ ᠶᠢᠨ<sup>technology</sup> ᠠᠵᠢᠯᠯᠠᠭ᠎ᠠ ᠶᠢ ᠳᠡᠮᠵᠢᠬᠦ ᠦᠨᠳᠦᠰᠦᠨ ᠳᠡᠳ᠋ ᠪᠦᠲᠦᠴᠡ᠂ ᠪᠦᠷᠢᠯᠳᠦᠬᠦᠨ ᠬᠡᠰᠡᠭ ᠦᠳ ᠪᠣᠯᠬᠤ ᠥᠭᠭᠥᠭᠳᠡᠯ ᠦᠨ ᠲᠥᠪ ᠦᠨ ᠲᠧᠻᠨᠢᠭ ᠬᠠᠩᠭᠠᠮᠵᠢ᠂ ᠸᠢᠷᠲᠤᠠᠯᠴᠢᠯᠠᠯ<sup>virtualisation</sup>᠂ ᠬᠡᠷᠡᠭᠯᠡᠭᠦᠷ ᠦᠳ᠂ ᠦᠢᠯᠡᠴᠢᠯᠡᠭᠡᠨ ᠨᠤᠭᠦᠳ ᠢ ᠬᠡᠯᠡᠳᠡᠭ᠃<ref>An Introduction to Cloud Architecture Design. Intel. ᠬᠠᠨᠳᠤᠭᠰᠠᠨ 2022/01/14 <nowiki>https://www.intel.com/content/www/us/en/cloud-computing/cloud-architecture.html</nowiki></ref>
 
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠨᠢ ᠦᠢᠯᠡᠴᠢᠯᠡᠭᠡᠨ ᠳᠦ ᠴᠢᠭᠯᠡᠭᠰᠡᠨ ᠠᠷᠻᠢᠲ᠋ᠧᠻᠲ᠋ᠦ᠋ᠷ ᠪᠠ ᠦᠢᠯᠡ ᠶᠠᠪᠤᠳᠠᠯ ᠳᠤ ᠬᠥᠲᠦᠯᠦᠭᠳᠡᠭᠰᠡᠨ ᠠᠷᠻᠢᠲ᠋ᠧᠻᠲ᠋ᠣᠷ ᠤᠨ ᠬᠣᠣᠰᠯᠠᠯ ᠶᠤᠮ᠃
 
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠢ ᠳᠠᠷᠠᠭᠠᠬᠢ ᠬᠣᠶᠠᠷ ᠬᠡᠰᠡᠭ ᠲᠦ ᠬᠤᠪᠢᠶᠠᠳᠠᠭ᠄
 
<nowiki>*</nowiki> ''ᠨᠢᠭᠤᠷᠠᠨ ᠲᠠᠯ᠎ᠠ''
 
<nowiki>*</nowiki> ''ᠠᠷᠤ ᠲᠠᠯ᠎ᠠ''
 
ᠨᠢᠭᠤᠷᠠᠨ ᠲᠠᠯ᠎ᠠ ᠶᠢᠨ ᠬᠡᠰᠡᠭ ᠢ ᠦᠢᠯᠡᠴᠢᠯᠡᠭᠦᠯᠦᠭᠴᠢ ᠠᠰᠢᠭᠯᠠᠳᠠᠭ᠃ ᠡᠭᠦᠨ ᠳᠦ ᠡᠭᠦᠯᠡᠨ ᠲᠣᠭᠠᠴᠠᠭᠠᠯᠠᠯ ᠤᠨ ᠫ᠊ᠯᠠᠲ᠋ᠹᠣᠷᠮ ᠳᠤ<sup>plarform</sup> ᠬᠠᠨᠳᠤᠬᠤ ᠳᠤ ᠱᠠᠭᠠᠷᠳᠠᠯᠭ᠎ᠠ ᠲᠠᠢ ᠦᠢᠯᠡᠴᠢᠯᠡᠭᠦᠯᠦᠭᠴᠢ ᠲᠠᠯ᠎ᠠ ᠶᠢᠨ ᠢᠨ᠍ᠲ᠋ᠧᠷᠹᠧᠢᠢᠰ<sup>interface</sup> ᠪᠣᠯᠤᠨ ᠫᠷᠣ᠌ᠭ᠌ᠷᠠᠮ ᠤᠳ ᠪᠠᠭᠲᠠᠳᠠᠭ᠃ ᠨᠢᠭᠤᠷᠠᠨ ᠲᠠᠯ᠎ᠠ ᠳᠤ ᠸᠧᠪ<sup>web</sup> ᠰᠧᠷᠸᠧᠷ ᠦᠳ<sup>server</sup> (Chrome᠂ Firefox᠂ internet explorer ᠭᠡᠬᠦ ᠮᠡᠲᠦ)᠂ thin/fat clients᠂ ᠲᠠᠪᠯᠧᠲ<sup>tablet</sup>᠂ ᠬᠥᠳᠡᠯᠭᠡᠭᠡᠨ ᠳᠦ ᠲᠥᠬᠥᠭᠡᠷᠦᠮᠵᠢ ᠨᠦᠭᠦᠳ ᠪᠠᠶ᠋ᠢᠨ᠎ᠠ᠃
 
ᠠᠷᠤ ᠲᠠᠯ᠎ᠠ ᠶᠢ ᠦᠢᠯᠡᠴᠢᠯᠡᠭᠡ ᠦᠵᠡᠭᠦᠯᠦᠭᠴᠢ ᠠᠰᠢᠭᠯᠠᠳᠠᠭ᠃ ᠡ᠊ᠨᠳᠡ ᠡᠭᠦᠯᠡᠨ ᠲᠣᠭᠠᠴᠠᠭᠠᠯᠠᠯ ᠤᠨ ᠦᠢᠯᠡᠴᠢᠯᠡᠭᠡᠨ ᠳᠦ ᠱᠠᠭᠠᠷᠳᠠᠯᠭ᠎ᠠ ᠲᠠᠢ ᠪᠦᠬᠦ ᠨᠥᠭᠡᠴᠡ ᠶᠢᠨ ᠤᠳᠤᠷᠢᠳᠤᠯᠭ᠎ᠠ ᠪᠠᠭᠳᠠᠨ᠎ᠠ᠃ ᠡᠭᠦᠨ ᠳᠦ ᠨᠡᠩ ᠶᠡᠬᠡ ᠬᠡᠮᠵᠢᠶᠡᠨ ᠦ ᠥᠭᠭᠥᠭᠳᠡᠯ ᠬᠠᠳᠠᠭᠠᠯᠠᠮᠵᠢ᠂ ᠠᠶᠤᠯ ᠦᠭᠡᠢ ᠶᠢᠨ ᠮᠧᠻᠠᠨᠢᠰᠮ<sup>mechanism</sup>᠂ ᠸᠢᠷᠲᠤᠠᠯ ᠮᠠᠱᠢᠨ᠂ ᠲᠦᠭᠡᠭᠡᠯ ᠦᠨ ᠵᠠᠭᠪᠤᠷ᠂ ᠰᠧᠷᠸᠧᠷ᠂ ᠲᠷᠠᠹᠢᠻ<sup>traffic</sup> ᠬᠢᠨᠠᠯᠲᠠ ᠶᠢᠨ ᠮᠧᠻᠠᠨᠢᠰᠮ ᠣᠷᠣᠨ᠎ᠠ᠃
 
ᠨᠢᠭᠤᠷ ᠪᠠ ᠠᠷᠤ ᠶᠢᠨ ᠬᠡᠰᠡᠭ ᠬᠣᠶᠠᠭᠤᠯᠠ ᠶᠡᠷᠦᠩᠬᠡᠢ ᠳᠦ ᠪᠡᠨ ᠢᠨ᠍ᠲ᠋ᠧᠷᠨᠧᠲ ᠬᠣᠯᠪᠣᠯᠲᠠ᠂ ᠰᠦᠯᠵᠢᠶ᠎ᠡ ᠪᠡᠷ ᠪᠤᠰᠤᠳ ᠲᠠᠢ ᠬᠣᠯᠪᠣᠭᠳᠠᠨ᠎ᠠ᠃<ref name=":0">Cloud Computing Architecture. Java T Point. ᠬᠠᠨᠳᠤᠭᠰᠠᠨ 2022/01/14 <nowiki>https://www.javatpoint.com/cloud-computing-architecture</nowiki></ref>
 
'''ᠡᠭᠦᠯᠡᠨ ᠠᠷᠻᠢᠲ᠋ᠧᠻᠲ᠋ᠦ᠋ᠷ ᠤᠨ ᠪᠦᠷᠢᠯᠳᠦᠬᠦᠨ ᠬᠡᠰᠡᠭ ᠦᠳ'''
 
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠤᠨ ᠳᠠᠷᠠᠭᠠᠬᠢ ᠪᠦᠷᠢᠯᠳᠦᠬᠦᠨ ᠬᠡᠰᠡᠭ ᠦᠳ ᠪᠠᠶ᠋ᠢᠳᠠᠭ᠄
 
1᠃ ᠦᠢᠯᠡᠴᠢᠯᠡᠭᠦᠯᠦᠭᠴᠢ ᠶᠢᠨ ᠳᠡᠳ᠋ ᠪᠦᠲᠦᠴᠡ᠄
 
ᠦᠢᠯᠡᠴᠢᠯᠡᠭᠦᠯᠦᠭᠴᠢ ᠶᠢᠨ ᠳᠡᠳ᠋ ᠪᠦᠲᠦᠴᠡ ᠨᠢ ᠨᠢᠭᠤᠷᠠᠨ ᠲᠠᠯ᠎ᠠ ᠶᠢᠨ ᠪᠦᠷᠢᠯᠳᠦᠬᠦᠨ ᠬᠡᠰᠡᠭ ᠶᠤᠮ᠃ ᠡᠨᠡ ᠨᠢ ᠡᠭᠦᠯᠡ ᠲᠡᠢ ᠬᠠᠷᠢᠯᠴᠠᠬᠤ ᠬᠡᠷᠡᠭᠯᠡᠭᠴᠢ ᠶᠢᠨ ᠭᠷᠠᠹᠢᠻ ᠢᠨ᠍ᠲ᠋ᠧᠷᠹᠡᠢᠢᠰ (GUI) ᠍ ᠪᠡᠷ ᠬᠠᠩᠭᠠᠳᠠᠭ᠃
 
2᠃ ᠬᠡᠷᠡᠭᠯᠡᠭᠦᠷ᠄
 
ᠬᠡᠷᠡᠭᠯᠡᠭᠦᠷ ᠨᠢ ᠦᠢᠯᠡᠴᠢᠯᠡᠭᠦᠯᠦᠭᠴᠢ ᠶᠢᠨ ᠬᠠᠨᠳᠤᠬᠤ ᠶᠢ ᠬᠦᠰᠡᠭᠰᠡᠨ ᠶᠠᠮᠪᠠᠷᠪᠠ ᠫᠷᠣ᠌ᠭ᠌ᠷᠠᠮ ᠬᠠᠩᠭᠠᠮᠵᠢ ᠡᠰᠡᠪᠡᠯ ᠫ᠊ᠯᠠᠲ᠋ᠹᠣᠷᠮ ᠪᠠᠶ᠋ᠢᠵᠤ ᠪᠣᠯᠤᠨ᠎ᠠ᠃
 
3᠃ ᠦᠢᠯᠡᠴᠢᠯᠡᠭᠡ᠄
 
ᠡᠭᠦᠯᠡᠨ ᠲᠣᠭᠠᠴᠠᠭᠠᠯᠠᠯ ᠨᠢ ᠳᠠᠷᠠᠭᠠᠬᠢ ᠭᠤᠷᠪᠠᠨ ᠬᠡᠪ ᠵᠠᠭᠪᠤᠷ ‍ᠤᠨ ᠦᠢᠯᠡᠴᠢᠯᠡᠭᠡ ᠶᠢ ᠰᠠᠨᠠᠯ ᠪᠣᠯᠭᠠᠳᠠᠭ᠃
 
i᠃ ᠫᠷᠣ᠌ᠭ᠌ᠷᠠᠮ ᠬᠠᠩᠭᠠᠮᠵᠢ ᠦᠢᠯᠡᠴᠢᠯᠡᠭᠡ (SaaS) – SaaS ‍ᠤᠨ ᠫᠷᠣ᠌ᠭ᠌ᠷᠠᠮ ᠤᠳ ᠶᠡᠬᠡᠪᠴᠢᠯᠡᠨ ᠰᠢᠭᠤᠳ ᠸᠧᠪ ᠬᠥᠲᠥᠴᠢ ᠪᠡᠷ ᠳᠠᠮᠵᠢᠨ ᠠᠵᠢᠯᠯᠠᠳᠠᠭ ᠲᠤᠯᠠ ᠲᠡᠳᠡᠭᠡᠷ ᠫᠷᠣ᠌ᠭ᠌ᠷᠠᠮ ᠢ ᠲᠠᠲᠠᠵᠤ ᠠᠪᠬᠤ᠂ ᠰᠠᠭᠤᠯᠭᠠᠬᠤ ᠱᠠᠭᠠᠷᠳᠠᠯᠭ᠎ᠠ ᠦᠭᠡᠢ᠃
 
ii. ᠫ᠊ᠯᠠᠲ᠋ᠹᠣᠷᠮ ᠦᠢᠯᠡᠴᠢᠯᠡᠭᠡ (PaaS) –
 
SaaS ᠲᠠᠢ ᠲᠥᠰᠲᠡᠢ ᠪᠣᠯᠪᠠᠴᠤ PaaS ᠨᠢ ᠫᠷᠣ᠌ᠭ᠌ᠷᠠᠮ ᠬᠠᠩᠭᠠᠮᠵᠢ ᠡᠭᠦᠰᠭᠡᠬᠦ ᠫ᠊ᠯᠠᠲ᠋ᠹᠣᠷᠮ ᠢᠢᠠᠷ ᠬᠠᠩᠭᠠᠳᠠᠭ᠂ ᠬᠠᠷᠢᠨ SaaS ᠍ ᠢ ᠠᠰᠢᠭᠯᠠᠭᠰᠠᠨ ᠢᠢᠠᠷ ᠫ᠊ᠯᠠᠲ᠋ᠹᠣᠷᠮ ᠱᠠᠭᠠᠷᠳᠠᠯᠭ᠎ᠠ ᠦᠭᠡᠢ ᠪᠡᠷ ᠢᠨ᠍ᠲ᠋ᠧᠷᠨᠧᠲ ᠢᠢᠡᠷ ᠫᠷᠣ᠌ᠭ᠌ᠷᠠᠮ ᠬᠠᠩᠭᠠᠮᠵᠢ ᠳᠤ ᠬᠠᠨᠳᠤᠬᠤ ᠪᠣᠯᠤᠮᠵᠢ ᠲᠠᠢ ᠪᠠᠶ᠋ᠢᠳᠠᠭ᠃
 
iii. ᠳᠡᠳ᠋ ᠪᠦᠲᠦᠴᠡ ᠦᠢᠯᠡᠴᠢᠯᠡᠭᠡ (IaaS) - ᠡᠨᠡ ᠨᠢ ᠫᠷᠣ᠌ᠭ᠌ᠷᠠᠮ ᠤᠨ ᠥᠭᠭᠥᠭᠳᠡᠯ᠂ ᠳᠤᠮᠳᠠ ᠶᠢᠨ ᠫᠷᠣ᠌ᠭ᠌ᠷᠠᠮ᠂ ᠢᠳᠡᠪᠬᠢᠵᠢᠯᠲᠦ ᠴᠠᠭ ᠤᠨ ᠣᠷᠴᠢᠨ ᠢ ᠵᠣᠬᠢᠴᠠᠭᠤᠯᠬᠤ ᠡᠭᠦᠷᠭᠡ ᠲᠡᠢ᠃
 
4᠃ ᠢᠳᠡᠪᠬᠢᠵᠢᠯᠲᠦ ᠴᠠᠭ ᠤᠨ ᠡᠭᠦᠯᠡ᠄
 
ᠢᠳᠡᠪᠬᠢᠵᠢᠯᠲᠦ ᠴᠠᠭ ᠤᠨ ᠡᠭᠦᠯᠡ ᠨᠢ ᠸᠢᠷᠲᠤᠠᠯ ᠮᠠᠱᠢᠨ ᠨᠤᠭᠤᠳ ᠢ ᠭᠦᠢᠴᠡᠳᠬᠡᠯ ᠪᠣᠯᠤᠨ ᠢᠳᠡᠪᠬᠢᠵᠢᠯᠲᠦ ᠴᠠᠭ ᠤᠨ ᠣᠷᠴᠢᠨ ᠢᠢᠠᠷ ᠬᠠᠩᠭᠠᠳᠠᠭ᠃
 
5᠃ ᠬᠠᠳᠠᠭᠠᠯᠠᠮᠵᠢ᠄
 
ᠬᠠᠳᠠᠭᠠᠯᠠᠮᠵᠢ ᠨᠢ ᠡᠭᠦᠯᠡᠨ ᠲᠣᠭᠠᠴᠠᠭᠠᠯᠠᠯ ᠤᠨ ᠬᠠᠮᠤᠭ ᠤᠨ ᠴᠢᠬᠤᠯᠠ ᠪᠦᠷᠢᠯᠳᠦᠬᠦᠨ ᠬᠡᠰᠡᠭ ᠦᠳ ᠦᠨ ᠨᠢᠭᠡ ᠶᠤᠮ᠃ ᠡᠨᠡ ᠨᠢ ᠡᠭᠦᠯᠡᠨ ᠳᠦ ᠥᠭᠭᠥᠭᠳᠡᠯ ᠬᠠᠳᠠᠭᠠᠯᠠᠬᠤ᠂ ᠤᠳᠤᠷᠢᠳᠬᠤ ᠨᠡᠩ ᠶᠡᠬᠡ ᠬᠡᠮᠵᠢᠶᠡᠨ ᠦ ᠬᠠᠳᠠᠭᠠᠯᠠᠬᠤ ᠪᠠᠭᠲᠠᠭᠠᠮᠵᠢ ᠪᠠᠷ ᠬᠠᠩᠭᠠᠳᠠᠭ᠃
 
6᠃ ᠳᠡᠳ᠋ ᠪᠦᠲᠦᠴᠡ᠄
 
ᠾᠣᠰᠲ ‍ᠤᠨ<sup>host</sup> ᠲᠦᠪᠰᠢᠨ᠂ ᠫᠷᠣ᠌ᠭ᠌ᠷᠠᠮ ᠤᠨ ᠲᠦᠪᠰᠢᠨ᠂ ᠰᠦᠯᠵᠢᠶᠡᠨ ᠦ ᠲᠦᠪᠰᠢᠨ ᠳᠦ ᠦᠢᠯᠡᠴᠢᠯᠡᠭᠡ ᠦᠵᠡᠭᠦᠯᠳᠡᠭ᠃ ᠡᠭᠦᠯᠡᠨ ᠦ ᠳᠡᠳ᠋ ᠪᠦᠲᠦᠴᠡ ᠳᠦ ᠡᠭᠦᠯᠡᠨ ᠲᠣᠭᠠᠴᠠᠭᠠᠯᠠᠯ ᠤᠨ ᠵᠠᠭᠪᠤᠷ ᠢ ᠳᠡᠮᠵᠢᠬᠦ ᠳᠦ ᠱᠠᠭᠠᠷᠳᠠᠯᠭ᠎ᠠ ᠲᠠᠢ ᠰᠧᠷᠸᠧᠷ᠂ ᠬᠠᠳᠠᠭᠠᠯᠠᠬᠤ ᠰᠠᠩ᠂ ᠰᠦᠯᠵᠢᠶᠡᠨ ᠦ ᠲᠥᠬᠥᠭᠡᠷᠦᠮᠵᠢ᠂ ᠸᠢᠷᠲᠤᠠᠯᠴᠢᠯᠠᠯ ᠤᠨ ᠫᠷᠣ᠌ᠭ᠌ᠷᠠᠮ ᠬᠠᠩᠭᠠᠮᠵᠢ ᠪᠣᠯᠤᠨ ᠪᠤᠰᠤᠳ ᠬᠠᠳᠠᠭᠠᠯᠠᠬᠤ ᠨᠥᠭᠡᠴᠡ ᠵᠡᠷᠭᠡ ᠲᠧᠻᠨᠢᠭ ᠬᠠᠩᠭᠠᠮᠵᠢ᠂ ᠫᠷᠣ᠌ᠭ᠌ᠷᠠᠮ ᠬᠠᠩᠭᠠᠮᠵᠢ ᠶᠢᠨ ᠵᠦᠢᠯᠡᠰ ᠬᠠᠮᠤᠷᠤᠭᠳᠠᠨ᠎ᠠ᠃
 
7᠃ ᠤᠳᠤᠷᠢᠳᠤᠯᠭ᠎ᠠ᠄
 
ᠤᠳᠤᠷᠢᠳᠤᠯᠭ᠎ᠠ ᠵᠣᠬᠢᠴᠠᠭᠤᠯᠤᠯᠲᠠ ᠨᠢ ᠫᠷᠣ᠌ᠭ᠌ᠷᠠᠮ᠂ ᠦᠢᠯᠡᠴᠢᠯᠡᠭᠡ᠂ ᠢᠳᠡᠪᠬᠢᠵᠢᠯᠲᠦ ᠴᠠᠭ ᠤᠨ ᠡᠭᠦᠯᠡ᠂ ᠬᠠᠳᠠᠭᠠᠯᠠᠬᠤ ᠰᠠᠩ᠂ ᠳᠡᠳ᠋ ᠪᠦᠲᠦᠴᠡ᠂ ᠪᠤᠰᠤᠳ ᠠᠶᠤᠯ ᠦᠭᠡᠢ ᠪᠠᠶ᠋ᠢᠳᠠᠯ ᠤᠨ ᠠᠰᠠᠭᠤᠳᠠᠯ ᠢ ᠵᠣᠬᠢᠴᠠᠭᠤᠯᠬᠤ᠂ ᠲᠡᠳᠡᠭᠡᠷ ᠦᠨ ᠬᠣᠭᠣᠷᠣᠨᠳᠣ ᠶᠢᠨ ᠤᠶᠠᠯᠳᠤᠭ᠎ᠠ ᠶᠢ ᠬᠠᠩᠭᠠᠬᠤ ᠳᠤ ᠬᠡᠷᠡᠭᠲᠡᠢ᠃
 
8᠃ ᠠᠶᠤᠯ ᠦᠭᠡᠢ ᠪᠠᠶ᠋ᠢᠳᠠᠯ᠄
 
ᠠᠶᠤᠯ ᠦᠭᠡᠢ ᠪᠠᠶ᠋ᠢᠳᠠᠯ ᠨᠢ ᠡᠭᠦᠯᠡᠨ ᠲᠣᠭᠠᠴᠠᠭᠠᠯᠠᠯ ᠤᠨ ᠰᠠᠯᠤᠰᠢ ᠦᠭᠡᠢ ᠪᠦᠷᠢᠯᠳᠦᠬᠦᠨ ᠬᠡᠰᠡᠭ ᠶᠤᠮ᠃ ᠠᠷᠤ ᠶᠢᠨ ᠬᠡᠰᠡᠭ ᠲᠦ ᠬᠠᠮᠠᠭᠠᠯᠠᠯᠲᠠ ᠶᠢᠨ ᠮᠧᠻᠠᠨᠢᠰᠮ ᠢ ᠬᠡᠷᠡᠭᠵᠢᠭᠦᠯᠳᠡᠭ᠃
 
9᠃ ᠢᠨ᠍ᠲ᠋ᠧᠷᠨᠧᠲ᠄
 
ᠢᠨ᠍ᠲ᠋ᠧᠷᠨᠧᠲ ᠨᠢ ᠨᠢᠭᠤᠷᠠᠨ ᠲᠠᠯ᠎ᠠ ᠪᠠ ᠠᠷᠤ ᠲᠠᠯ᠎ᠠ ᠬᠣᠭᠣᠷᠣᠨᠳᠣ ᠪᠠᠨ ᠬᠠᠷᠢᠯᠴᠠᠨ ᠦᠢᠯᠡᠴᠢᠯᠡᠵᠦ᠂ ᠮᠡᠳᠡᠭᠡᠯᠡᠯ ᠰᠤᠯᠢᠯᠴᠠᠬᠤ ᠣᠷᠴᠢᠨ ᠶᠤᠮ᠃<ref name=":0" />


<br>
<br>
136

edits