Jump to content

"ᠡᠭᠦᠯᠡ"-ны өөр хувилбарууд

Edit
(Edit)
(Edit)
76-р мөр: 76-р мөр:

== ᠦᠢᠯᠡᠴᠢᠯᠡᠭᠡᠨ ‍ᠦ ᠬᠡᠪ ᠵᠠᠭᠪᠤᠷ ==
== ᠦᠢᠯᠡᠴᠢᠯᠡᠭᠡᠨ ‍ᠦ ᠬᠡᠪ ᠵᠠᠭᠪᠤᠷ ==
ᠦᠢᠯᠡᠴᠢᠯᠡᠭᠡ

'''IaaS (ᠳᠡᠳ᠋ ᠪᠦᠲᠦᠴᠡ ᠦᠢᠯᠡᠴᠢᠯᠡᠭᠡ)'''

IaaS ᠨᠢ ᠦᠢᠯᠡᠴᠢᠯᠡᠭᠦᠯᠦᠭᠴᠢ ᠬᠦᠰᠡᠭᠰᠡᠨ ᠴᠠᠭ ᠲᠤ ᠪᠡᠯᠡᠨ ᠦᠢᠯᠡᠴᠢᠯᠡᠳᠡᠭ ᠰᠧᠷᠸᠧᠷ ᠦᠳ᠂ ᠬᠠᠳᠠᠭᠠᠯᠠᠬᠤ ᠪᠠᠭᠲᠠᠭᠠᠮᠵᠢ᠂ ᠰᠦᠯᠵᠢᠶᠡᠨ ᠦ ᠲᠥᠬᠥᠭᠡᠷᠦᠮᠵᠢ ᠨᠦᠭᠦᠳ ᠵᠡᠷᠭᠡ ᠡᠭᠦᠯᠡᠨ ᠳᠦ ᠪᠠᠶ᠋ᠢᠷᠢᠰᠢᠭᠤᠯᠤᠭᠰᠠᠨ ᠲᠣᠭᠠᠴᠠᠭᠠᠯᠠᠯ ᠤᠨ ᠳᠡᠳ᠋ ᠪᠦᠲᠦᠴᠡ ᠮᠥᠨ ᠪᠥᠭᠡᠳ ᠦᠢᠯᠡᠴᠢᠯᠡᠭᠦᠯᠦᠭᠴᠢᠳ ᠥᠪᠡᠷᠰᠡᠳ ᠦᠨ ᠪᠠᠶ᠋ᠢᠷᠢᠨ ᠳᠠᠬᠢ ᠲᠧᠻᠨᠢᠭ ᠬᠠᠩᠭᠠᠮᠵᠢ ᠶᠢ ᠠᠰᠢᠭᠯᠠᠵᠤ ᠪᠠᠶ᠋ᠢᠭ᠎ᠠ ᠮᠡᠲᠦ ᠬᠠᠮ ᠲᠣᠬᠢᠷᠠᠭᠤᠯᠵᠤ ᠠᠰᠢᠭᠯᠠᠬᠤ ᠪᠣᠯᠤᠮᠵᠢ ᠲᠠᠢ᠃

ᠪᠣᠳᠠᠲᠤ ᠲᠧᠻᠨᠢᠭ ᠬᠠᠩᠭᠠᠮᠵᠢ᠂ ᠲᠣᠭᠠᠴᠠᠭᠠᠯᠠᠯ ᠤᠨ ᠨᠥᠭᠡᠴᠡ ᠨᠦᠭᠦᠳ ᠨᠢ ᠡᠭᠦᠯᠡᠨ ᠦᠢᠯᠡᠴᠢᠯᠡᠭᠡ ᠦᠵᠡᠭᠦᠯᠦᠭᠴᠢ ᠶᠢᠨ ᠥᠭᠭᠥᠭᠳᠡᠯ ᠦᠨ ᠲᠥᠪ ᠲᠦ ᠪᠠᠶ᠋ᠢᠷᠢᠯᠠᠵᠤ᠂ ᠦᠢᠯᠡᠴᠢᠯᠡᠭᠡ ᠦᠵᠡᠭᠦᠯᠦᠭᠴᠢ ᠪᠠᠶ᠋ᠢᠭᠤᠯᠤᠯᠭ᠎ᠠ ᠠᠷᠠᠴᠢᠯᠠᠵᠤ᠂ ᠵᠠᠰᠠᠪᠤᠷᠢ ᠦᠢᠯᠡᠴᠢᠯᠡᠭᠡ ᠬᠢᠨ᠎ᠡ. IaaS ᠬᠡᠷᠡᠭᠯᠡᠭᠴᠢᠳ ᠲᠧᠻᠨᠢᠭ ᠬᠠᠩᠭᠠᠮᠵᠢ ᠶᠢ ᠢᠨ᠍ᠲ᠋ᠧᠷᠨᠧᠲ ᠬᠣᠯᠪᠣᠯᠲᠠ ᠪᠠᠷ ᠳᠠᠮᠵᠢᠭᠤᠯᠤᠨ ᠠᠰᠢᠭᠯᠠᠬᠤ ᠠᠭᠠᠳ ᠲᠥᠯᠥᠪᠦᠷᠢ ᠨᠢ ᠲᠣᠭᠲᠠᠮᠠᠯ ᠭᠡᠷ᠎ᠡ ᠪᠡᠷ᠂ ᠡᠰᠡᠪᠡᠯ ᠬᠡᠷᠡᠭᠯᠡᠭᠡ ᠪᠡᠷ ᠲᠣᠭᠠᠴᠠᠭᠳᠠᠳᠠᠭ᠃

IaaS ᠬᠡᠷᠡᠭᠯᠡᠭᠴᠢᠳ ᠬᠤᠪᠢᠶᠠᠯᠴᠠᠭᠰᠠᠨ (shared) ᠲᠧᠻᠨᠢᠭ ᠬᠠᠩᠭᠠᠮᠵᠢ ᠳᠡᠭᠡᠷᠡᠬᠢ (ᠡᠭᠦᠯᠡᠨ ᠦᠢᠯᠡᠴᠢᠯᠡᠭᠡ ᠦᠵᠡᠭᠦᠯᠦᠭᠴᠢ ᠸᠢᠷᠲ᠋ᠤᠠᠯᠴᠢᠯᠠᠯ ᠢ ᠬᠠᠷᠢᠭᠤᠴᠠᠳᠠᠭ) ᠸᠢᠷᠲ᠋ᠤᠠᠯ ᠮᠠᠱᠢᠨ ᠨᠤᠭᠤᠳ ᠠᠴᠠ (VM) ᠰᠤᠩᠭᠤᠬᠤ (ᠡᠭᠦᠯᠡᠨ ᠦᠢᠯᠡᠴᠢᠯᠡᠭᠡ ᠦᠵᠡᠭᠦᠯᠦᠭᠴᠢ ᠨᠢ ᠸᠢᠷᠲ᠋ᠤᠠᠯᠴᠢᠯᠠᠯ ᠢ ᠤᠳᠤᠷᠢᠳᠳᠠᠭ)᠂ ᠡᠰᠡᠪᠡᠯ ᠲᠤᠬᠠᠶ᠋ᠢᠯᠠᠭᠰᠠᠨ (dedicated) ᠪᠡᠶᠡᠳᠦ ᠲᠥᠬᠥᠭᠡᠷᠦᠮᠵᠢ ᠳᠡᠭᠡᠷᠡᠬᠢ ᠰᠧᠷᠸᠧᠷ ᠦᠳ ᠡᠴᠡ ᠰᠤᠩᠭᠤᠬᠤ ᠪᠣᠯᠤᠮᠵᠢ ᠲᠠᠢ᠃ ᠦᠢᠯᠡᠴᠢᠯᠡᠭᠦᠯᠦᠭᠴᠢᠳ ᠰᠧᠷᠸᠧᠷ ᠪᠣᠯᠤᠨ ᠳᠡᠳ᠋ ᠪᠦᠲᠦᠴᠡ ᠶᠢ ᠭᠷᠠᠹᠢᠻ ᠬᠢᠨᠠᠯᠲᠠ ᠶᠢᠨ ᠰᠠᠮᠪᠠᠷ᠎ᠠ ᠪᠠᠷ᠂ ᠡᠰᠡᠪᠡᠯ API (ᠬᠡᠷᠡᠭᠯᠡᠭᠦᠷ ᠫᠷᠣᠭ᠌ᠷᠠᠮᠴᠢᠯᠠᠯ ᠤᠨ ᠢᠨ᠍ᠲ᠋ᠧᠷᠹᠧᠢᠢᠰ) ᠠᠰᠢᠭᠯᠠᠨ ᠫᠷᠣᠭ᠌ᠷᠠᠮᠴᠢᠯᠠᠬᠤ᠂ ᠬᠠᠮ ᠲᠣᠬᠢᠷᠠᠭᠤᠯᠬᠤ᠂ ᠠᠵᠢᠯᠯᠠᠭᠤᠯᠬᠤ ᠪᠣᠯᠤᠮᠵᠢ ᠲᠠᠢ᠃

ᠡᠳᠦᠭᠡ Amazon Web Services᠂ Google Cloud᠂ IBM Cloud᠂ Microsoft Azure ᠵᠡᠷᠭᠡ ᠲᠣᠮᠣᠬᠠᠨ ᠡᠭᠦᠯᠡᠨ ᠦᠢᠯᠡᠴᠢᠯᠡᠭᠡ ᠦᠵᠡᠭᠦᠯᠦᠭᠴᠢᠳ IaaS ᠰᠠᠨᠠᠯ ᠪᠣᠯᠭᠠᠵᠤ ᠡᠬᠢᠯᠡᠭᠰᠡᠨ᠃

''IaaS ᠍ ᠶᠢᠨ ᠠᠰᠢᠭ ᠲᠤᠰᠠ'':

ᠤᠯᠠᠮᠵᠢᠯᠠᠯᠲᠤ ᠮᠡᠳᠡᠭᠡᠯᠡᠯ ᠦᠨ ᠲᠧᠻᠨᠣᠯᠣᠭᠢ ᠲᠠᠢ ᠬᠠᠷᠢᠴᠠᠭᠤᠯᠬᠤ ᠳᠤ IaaS ᠨᠢ ᠬᠡᠷᠡᠭᠯᠡᠭᠴᠢᠳ ᠲᠦ ᠢᠯᠡᠭᠦᠦ ᠤᠶᠠᠨ ᠬᠠᠲᠠᠨ ᠪᠣᠯᠤᠮᠵᠢ ᠢᠢ ᠣᠯᠭᠤᠵᠤ᠂ ᠲᠣᠭᠠᠴᠠᠭᠠᠯᠠᠬᠤ ᠨᠥᠭᠡᠴᠡ ᠶᠢ ᠱᠠᠭᠠᠷᠳᠠᠯᠭ᠎ᠠ ᠶᠢᠨ ᠬᠢᠷᠢ ᠪᠡᠷ ᠪᠤᠢ ᠪᠣᠯᠭᠠᠵᠤ᠂ ᠲᠷᠠᠹᠢᠻ ᠶᠡᠬᠡᠰᠬᠦ᠂ ᠪᠠᠭᠠᠰᠬᠤ ᠲᠠᠢ ᠤᠶᠠᠯᠳᠤᠭᠤᠯᠤᠨ ᠲᠡᠳᠡᠭᠡᠷ ᠢ ᠨᠡᠮᠡᠭᠳᠡᠭᠦᠯᠬᠦ᠂ ᠪᠠᠭᠤᠷᠠᠭᠤᠯᠬᠤ ᠪᠣᠯᠤᠮᠵᠢ ᠪᠠᠷ ᠬᠠᠩᠭᠠᠳᠠᠭ᠃ ᠦᠢᠯᠡᠴᠢᠯᠡᠭᠦᠯᠦᠭᠴᠢᠳ IaaS ᠠᠰᠢᠭᠯᠠᠭᠰᠠᠨ ᠢᠢᠠᠷ ᠥᠭᠭᠥᠭᠳᠡᠯ ᠦᠨ ᠲᠥᠪ ᠪᠠᠶ᠋ᠢᠭᠤᠯᠬᠤ ᠬᠥᠷᠦᠩᠭᠡ ᠣᠷᠣᠭᠤᠯᠤᠯᠲᠠ ᠶᠢᠨ ᠵᠠᠷᠤᠳᠠᠯ᠂ ᠵᠠᠰᠠᠪᠤᠷᠢ ᠦᠢᠯᠡᠴᠢᠯᠡᠭᠡ ᠬᠢᠬᠦ ᠤᠷᠤᠰᠬᠠᠯ ᠵᠠᠷᠤᠳᠠᠯ ᠠᠴᠠ ᠴᠢᠯᠦᠭᠡᠯᠡᠭᠳᠡᠨ᠎ᠡ᠃ ᠡᠨᠡ ᠨᠢ ᠨᠢᠭᠡ ᠲᠠᠯ᠎ᠠ ᠠᠴᠠ ᠣᠭᠴᠣᠮ ᠠᠴᠢᠶᠠᠯᠠᠯ ᠳᠤ ᠪᠡᠯᠡᠨ ᠪᠠᠶ᠋ᠢᠬᠤ ᠶᠢᠨ ᠲᠤᠯᠠᠳᠠ ᠢᠯᠡᠭᠦᠦ ᠶᠡᠬᠡ ᠬᠦᠴᠦᠨ ᠴᠢᠳᠠᠯ ᠬᠤᠳᠠᠯᠳᠤᠵᠤ ᠠᠪᠬᠤ ᠦᠷ᠎ᠡ ᠠᠰᠢᠭ ᠪᠠᠭᠠᠲᠠᠢ ᠵᠠᠷᠤᠳᠠᠯ᠂ ᠨᠥᠭᠥᠭᠡ ᠲᠠᠯ᠎ᠠ ᠠᠴᠠ ᠭᠡᠨᠡᠳᠲᠡ ᠶᠢᠨ ᠠᠴᠢᠶᠠᠯᠠᠯ ᠳᠤ ᠠᠵᠢᠯᠯᠠᠬᠤ ᠬᠦᠴᠦᠨ ᠴᠢᠳᠠᠯ ᠳᠤᠲᠠᠭᠳᠠᠭᠰᠠᠨ ᠠᠴᠠ ᠡᠭᠦᠳᠡᠵᠦ ᠪᠣᠯᠬᠤ ᠭᠦᠢᠴᠡᠳᠬᠡᠯ ᠦᠨ ᠳᠣᠭᠣᠯᠳᠠᠯ᠂ ᠲᠠᠰᠤᠯᠳᠠᠯ ‍ᠤᠨ

ᠬᠣᠭᠣᠷᠣᠨᠳᠣ ᠵᠣᠬᠢᠴᠠᠬᠤ ᠳᠠᠷᠤᠮᠲᠠ ᠶᠢ ᠠᠷᠢᠯᠭᠠᠨ᠎ᠠ᠃

''IaaS ᠍ ᠦᠨ ᠪᠤᠰᠤᠳ ᠳᠠᠪᠠᠭᠤ ᠲᠠᠯ᠎ᠠ ᠨᠤᠭᠤᠳ ᠨᠢ''᠄

ᠲᠠᠰᠤᠷᠠᠯᠲᠠ ᠦᠭᠡᠢ ᠪᠡᠯᠡᠨ ᠪᠠᠶ᠋ᠢᠳᠠᠯ᠄

ᠻᠣᠮᠫᠠᠨᠢ ᠨᠢ IaaS ᠠᠰᠢᠭᠯᠠᠨ ᠨᠡᠮᠡᠯᠲᠡ ᠰᠧᠷᠸᠧᠷ ᠦᠳ ᠢ ᠬᠢᠯᠪᠠᠷᠬᠠᠨ ᠡᠭᠦᠰᠬᠡᠵᠦ᠂ ᠭᠠᠵᠠᠷᠵᠦᠢ ᠶᠢᠨ ᠪᠤᠰᠤᠳ ᠪᠠᠶ᠋ᠢᠷᠢᠰᠢᠯ ᠤᠳ ᠲᠤ ᠴᠤ ᠰᠧᠷᠸᠧᠷ ᠦᠳ ᠡᠭᠦᠰᠬᠡᠵᠦ ᠪᠣᠯᠬᠤ ᠲᠤᠯᠠ ᠣᠷᠣᠨ ᠨᠤᠲᠤᠭ ᠳᠠᠬᠢ ᠴᠠᠬᠢᠯᠭᠠᠨ ᠲᠠᠰᠤᠯᠳᠠᠯ᠂ ᠭᠠᠮᠰᠢᠭ ᠤᠨ ᠦᠶ᠎ᠡ ᠳᠦ ᠴᠤ ᠲᠠᠰᠤᠷᠠᠯᠲᠠ ᠦᠭᠡᠢ ᠠᠰᠢᠭᠯᠠᠬᠤ ᠪᠣᠯᠤᠮᠵᠢ ᠬᠠᠩᠭᠠᠭᠳᠠᠨ᠎ᠠ᠃

ᠬᠣᠴᠣᠷᠤᠯᠳᠠ ᠪᠠᠭ᠎ᠠ᠂ ᠠᠵᠢᠯᠯᠠᠭ᠎ᠠ ᠰᠠᠶ᠋ᠢᠨ᠃

IaaS ᠦᠢᠯᠡᠴᠢᠯᠡᠭᠡ ᠦᠵᠡᠭᠦᠯᠦᠭᠴᠢ ᠨᠢ ᠣᠯᠠᠨ ᠭᠠᠵᠠᠷᠵᠦᠢ ᠶᠢᠨ ᠪᠠᠶ᠋ᠢᠷᠢᠰᠢᠯ ᠳᠤ ᠥᠭᠭᠥᠭᠳᠡᠯ ᠦᠨ ᠲᠥᠪ ᠦᠳ ᠠᠵᠢᠯᠯᠠᠭᠤᠯᠳᠠᠭ ᠲᠤᠯᠠ ᠬᠡᠷᠡᠭᠯᠡᠭᠴᠢᠳ ᠠᠯᠢ ᠣᠶ᠋ᠢᠷ᠎ᠠ ᠪᠠᠶ᠋ᠢᠷᠢᠰᠢᠯ ᠠᠴᠠ ᠫᠷᠣᠭ᠌ᠷᠠᠮ᠂ ᠦᠢᠯᠡᠴᠢᠯᠡᠭᠡ ᠶᠢ ᠠᠪᠤᠭᠰᠠᠨ ᠢᠢᠠᠷ ᠰᠠᠭᠠᠲᠠᠯ ᠪᠠᠭᠠᠰᠴᠤ᠂ ᠠᠵᠢᠯᠯᠠᠭ᠎ᠠ ᠰᠠᠶ᠋ᠢᠵᠢᠷᠠᠳᠠᠭ᠃

ᠬᠠᠷᠢᠭᠤ ᠦᠢᠯᠡᠳᠦᠯ ᠲᠦᠷᠭᠡᠰᠦᠨ᠎ᠡ᠄

ᠦᠢᠯᠡᠴᠢᠯᠡᠭᠦᠯᠦᠭᠴᠢᠳ ᠬᠡᠳᠦᠬᠡᠨ ᠮᠢᠨᠦ᠋ᠲ ᠤᠨ ᠳᠣᠲᠣᠷ᠎ᠠ ᠨᠥᠭᠡᠴᠡ ᠨᠦᠭᠦᠳ ᠢ ᠵᠣᠬᠢᠴᠠᠭᠤᠯᠵᠤ᠂ ᠰᠢᠨ᠎ᠡ ᠰᠠᠨᠠᠭ᠎ᠠ ᠶᠢ ᠪᠣᠭᠣᠨᠢ ᠬᠤᠭᠤᠴᠠᠭᠠᠨ ᠳᠤ ᠲᠤᠷᠰᠢᠵᠤ᠂ ᠰᠢᠨ᠎ᠡ ᠰᠠᠨᠠᠭ᠎ᠠ ᠶᠢ ᠢᠯᠡᠭᠦᠦ ᠣᠯᠠᠨ ᠬᠡᠷᠡᠭᠯᠡᠭᠴᠢᠳ ᠲᠦ ᠦᠳᠲᠡᠷ ᠲᠦᠷᠭᠡᠨ ᠬᠦᠷᠭᠡᠬᠦ ᠪᠣᠯᠤᠮᠵᠢ ᠲᠠᠢ᠃

ᠢᠵᠢ ᠠᠶᠤᠯ ᠦᠭᠡᠢ ᠪᠠᠶ᠋ᠢᠳᠠᠯ᠄

ᠥᠭᠭᠥᠭᠳᠡᠯ ᠦᠨ ᠲᠥᠪ ᠦᠳ ᠳᠡᠭᠡᠷ᠎ᠡ ᠨᠢᠭᠤᠴᠠᠯᠠᠯ (encryption) ᠠᠰᠢᠭᠯᠠᠵᠤ ᠥᠨᠳᠥᠷ ᠲᠦᠪᠰᠢᠨ ᠦ ᠬᠠᠮᠠᠭᠠᠯᠠᠯ ᠢ ᠪᠤᠢ ᠪᠣᠯᠭᠠᠳᠠᠭ᠃

ᠰᠢᠯᠢᠳᠡᠭ ᠲᠧᠻᠨᠣᠯᠣᠭᠢ ᠢᠢ ᠡᠷᠲᠡ ᠠᠰᠢᠭᠯᠠᠬᠤ᠄

ᠡᠭᠦᠯᠡᠨ ᠦᠢᠯᠡᠴᠢᠯᠡᠭᠡ ᠦᠵᠡᠭᠦᠯᠦᠭᠴᠢᠳ ᠬᠡᠷᠡᠭᠯᠡᠭᠴᠢ ‍ᠳᠦ ᠪᠡᠨ ᠬᠠᠮᠤᠭ ᠤᠨ ᠰᠡᠭᠦᠯ ᠦᠨ ᠦᠶ᠎ᠡ ᠶᠢᠨ ᠲᠧᠻᠨᠣᠯᠣᠭᠢ ᠪᠠᠷ ᠬᠠᠩᠭᠠᠬᠤ ᠶᠢᠨ ᠲᠥᠯᠥᠭᠡ ᠥᠷᠢᠰᠦᠯᠳᠦᠳᠡᠭ ᠲᠤᠯᠠ ᠬᠡᠷᠡᠭᠯᠡᠭᠴᠢᠳ ᠲᠡᠳᠡᠭᠡᠷ ᠲᠧᠻᠨᠣᠯᠣᠭᠢ ᠶᠢ ᠥᠪᠡᠷ ᠦᠨ ᠪᠠᠶ᠋ᠢᠷᠢᠨ ᠳᠤ ᠬᠡᠷᠡᠭᠵᠢᠭᠦᠯᠬᠦ ᠡᠴᠡ ᠬᠠᠪᠢ ᠦᠭᠡᠢ ᠡᠷᠲᠡ (ᠮᠥᠨ ᠬᠠᠪᠢ ᠦᠭᠡᠢ ᠪᠠᠭ᠎ᠠ ᠵᠠᠷᠤᠳᠠᠯ ᠢᠢᠠᠷ) ᠠᠰᠢᠭᠯᠠᠬᠤ ᠪᠣᠯᠤᠮᠵᠢ ᠲᠠᠢ᠃<ref>IaaS vs. PaaS vs. SaaS. IBM Cloud Education 2021/09/02 <nowiki>https://www.ibm.com/cloud/learn/iaas-paas-saas</nowiki></ref>

136

edits