Jump to content

"ᠡᠭᠦᠯᠡ"-ны өөр хувилбарууд

Edit
(Link)
(Edit)
151-р мөр: 151-р мөр:
<br>
<br>
<br>
<br>
'''SaaS (ᠫᠷᠣᠭᠷᠠᠮ ᠬᠠᠩᠭᠠᠮᠵᠢ ᠦᠢᠯᠡᠴᠢᠯᠡᠭᠡ)'''
SaaS ᠨᠢ ᠡᠭᠦᠯᠡᠨ ᠳᠦ ᠪᠠᠶᠢᠷᠢᠰᠢᠭᠰᠠᠨ ᠬᠡᠷᠡᠭᠯᠡᠬᠦ ᠳᠦ ᠪᠡᠯᠡᠨ ᠬᠡᠷᠡᠭᠯᠡᠭᠡᠨ ᠦ ᠫᠷᠣᠭᠷᠠᠮ ᠬᠠᠩᠭᠠᠮᠵᠢ ᠶᠤᠮ. 《ᠫᠷᠣᠭᠷᠠᠮᠮ ᠤᠳ ᠪᠣᠯᠤᠨ ᠲᠡᠳᠡᠭᠡᠷ ᠢ ᠠᠰᠢᠭᠯᠠᠭᠤᠯᠬᠤ ᠳᠤ ᠱᠠᠭᠠᠷᠳᠠᠯᠭ᠎ᠠ ᠲᠠᠢ ᠪᠦᠬᠦ ᠳᠡᠳ᠋ ᠪᠦᠲᠦᠴᠡ᠂ ᠲᠡᠭᠦᠨ ᠢ ᠪᠦᠷᠢᠳᠦᠭᠦᠯᠦᠭᠴᠢ ᠰᠧᠷᠸᠧᠷ ᠦᠳ᠂ ᠬᠠᠳᠠᠭᠠᠯᠠᠮᠵᠢ᠂ ᠰᠦᠯᠵᠢᠶ᠎ᠡ᠂ ᠵᠠᠪᠰᠠᠷ ᠤᠨ ᠫᠷᠣᠭᠷᠠᠮ ᠬᠠᠩᠭᠠᠮᠵᠢ᠂ ᠬᠡᠷᠡᠭᠯᠡᠭᠡᠨ ᠦ ᠫᠷᠣᠭᠷᠠᠮ᠂ ᠥᠭᠭᠥᠭᠳᠡᠯ ᠬᠠᠳᠠᠭᠠᠯᠠᠯᠲᠠ ᠵᠡᠷᠭᠡ ᠶᠢ SaaS ᠦᠢᠯᠡᠴᠢᠯᠡᠭᠡ ᠦᠵᠡᠭᠦᠯᠦᠭᠴᠢ ᠥᠪᠡᠷ ᠳᠡᠭᠡᠷ᠎ᠡ ᠪᠡᠨ ᠪᠠᠶᠢᠷᠢᠰᠢᠭᠤᠯᠵᠤ᠂ ᠵᠣᠬᠢᠴᠠᠭᠤᠯᠳᠠᠭ᠃
ᠦᠢᠯᠡᠴᠢᠯᠡᠭᠡ ᠦᠵᠡᠭᠦᠯᠦᠭᠴᠢ ᠨᠢ ᠫᠷᠣᠭᠷᠠᠮ ᠬᠠᠩᠭᠠᠮᠵᠢ ᠶᠢᠨ ᠪᠦᠬᠦ ᠰᠢᠨᠡᠴᠢᠯᠡᠯᠲᠡ᠂ ᠨᠡᠮᠡᠯᠲᠡ ᠨᠦᠭᠦᠳ ᠢ ᠵᠣᠬᠢᠴᠠᠭᠤᠯᠳᠠᠭ ᠪᠥᠭᠡᠳ ᠡᠭᠦᠨ ᠢ ᠪᠡᠨ ᠦᠢᠯᠡᠴᠢᠯᠡᠭᠦᠯᠦᠭᠴᠢᠳ ᠲᠦ ᠶᠡᠬᠡᠪᠴᠢᠯᠡᠨ ᠦᠯᠦ ᠦᠵᠦᠭ ᠲᠦ ᠬᠢ ᠪᠠᠶᠢᠳᠠᠯ ᠢᠶᠠᠷ ᠬᠡᠷᠡᠭᠵᠢᠭᠦᠯᠳᠡᠭ᠃ ᠦᠢᠯᠡᠴᠢᠯᠡᠭᠡ ᠦᠵᠡᠭᠦᠯᠦᠭᠴᠢ ᠨᠢ ᠶᠡᠷᠦᠩᠬᠡᠢ ᠳᠦ ᠪᠡᠨ ᠦᠢᠯᠡᠴᠢᠯᠡᠭᠡ ᠬᠦᠷᠭᠡᠬᠦ ᠭᠡᠷ᠎ᠡ ᠶᠢᠨ (SLA) ᠳᠠᠭᠠᠤ ᠦᠢᠯᠡᠴᠢᠯᠡᠭᠡᠨ ᠦ ᠪᠡᠯᠡᠨ ᠪᠠᠶᠢᠳᠠᠯ᠂ ᠮᠡᠳᠡᠭᠡᠯᠡᠯ ᠬᠠᠮᠠᠭᠠᠯᠠᠯ ᠤᠨ ᠱᠠᠭᠠᠷᠳᠠᠯᠭ᠎ᠠ ᠲᠠᠢ ᠲᠦᠪᠰᠢᠨ ᠢ ᠬᠠᠩᠭᠠᠵᠤ ᠠᠵᠢᠯᠯᠠᠳᠠᠭ᠃ ᠦᠢᠯᠡᠴᠢᠯᠡᠭᠦᠯᠦᠭᠴᠢᠳ ᠨᠡᠮᠡᠯᠲᠡ ᠵᠠᠷᠤᠳᠠᠯ ᠢᠶᠠᠷ ᠬᠡᠷᠡᠭᠯᠡᠭᠴᠢᠳ ᠦᠨ ᠲᠣᠭ᠎ᠠ᠂ ᠥᠭᠭᠥᠭᠳᠡᠯ ᠬᠠᠳᠠᠭᠠᠯᠠᠮᠵᠢ ᠶᠢᠨ ᠪᠠᠭᠲᠠᠭᠠᠮᠵᠢ ᠶᠢ ᠳᠡᠭᠡᠭᠰᠢᠯᠡᠭᠦᠯᠵᠦ ᠪᠣᠯᠤᠨ᠎ᠠ᠃
ᠥᠨᠥᠳᠥᠷ ᠭᠠᠷ ᠤᠲᠠᠰᠤ ᠠᠰᠢᠭᠯᠠᠳᠠᠭ ᠬᠡᠨ ᠪᠦᠬᠦᠨ ᠲᠣᠳᠣᠷᠬᠠᠢ ᠬᠡᠮᠵᠢᠶᠡᠨ ᠳᠦ SaaS ᠠᠰᠢᠭᠯᠠᠵᠤ ᠪᠠᠶᠢᠭ᠎ᠠ᠃ ᠴᠠᠬᠢᠮ ᠰᠢᠤᠳᠠᠨ᠂ ᠨᠡᠶᠢᠭᠡᠮ ᠤᠨ ᠰᠦᠯᠵᠢᠶ᠎ᠡ᠂ ᠡᠭᠦᠯᠡᠨ ᠹᠠᠶᠢᠯ ᠬᠠᠳᠠᠭᠠᠯᠠᠮᠵᠢ (Box᠂ Dropbox ᠭᠡᠬᠦ ᠮᠡᠲᠦ) ᠭᠡᠬᠦᠴᠢᠯᠡᠨ ᠰᠢᠢᠳᠦᠯ ᠦᠳ ᠨᠢ ᠬᠦᠮᠦᠰ ᠦᠨ ᠡᠳᠦᠷ ᠲᠤᠲᠤᠮ ᠤᠨ SaaS ᠬᠡᠷᠡᠭᠯᠡᠭᠡᠨ ᠦ ᠵᠢᠱᠢᠶ᠎ᠡ ᠶᠤᠮ᠃ ᠪᠢᠽᠢᠨ᠋ᠧᠰ᠂ ᠠᠵᠤ ᠠᠬᠤᠢ ᠶᠢᠨ ᠨᠢᠭᠡᠴᠡ ᠶᠢᠨ SaaS ᠦᠢᠯᠡᠴᠢᠯᠡᠭᠡᠨ ᠦ ᠰᠢᠢᠳᠦᠯ ᠦᠳ ᠦᠨ ᠵᠢᠱᠢᠶᠡᠨ ᠳᠦ Salesforce (ᠬᠡᠷᠡᠭᠯᠡᠭᠴᠢ ᠲᠡᠢ ᠬᠠᠷᠢᠯᠴᠠᠬᠤ ᠫᠷᠣᠭᠷᠠᠮ ᠬᠠᠩᠭᠠᠮᠵᠢ)᠂ HubSpot (ᠮᠠᠷᠺᠧᠲ᠋ᠢᠩ ᠤᠨ ᠫᠷᠣᠭᠷᠠᠮ)᠂ Trello (ᠠᠵᠢᠯ ᠤᠨ ᠤᠷᠤᠰᠬᠠᠯ ᠤᠨ ᠤᠳᠤᠷᠢᠳᠤᠯᠭ᠎ᠠ)᠂ Slack (ᠬᠠᠮᠲᠤ ᠶᠢᠨ ᠠᠵᠢᠯᠯᠠᠭ᠎ᠠ ᠪᠠ ᠮᠧᠰᠰᠧᠵ)᠂ Canva (ᠭᠷᠠᠹᠢᠺ) ᠵᠡᠷᠭᠡ ᠪᠠᠭᠠᠳᠤᠨ᠎ᠠ᠃ ᠠᠩᠬ᠎ᠠ ᠺᠣᠮᠫᠢᠶᠦ᠋ᠲ᠋ᠧᠷ ᠲᠦ ᠰᠠᠭᠤᠯᠭᠠᠨ ᠠᠰᠢᠭᠯᠠᠵᠤ ᠪᠠᠶᠢᠭᠰᠠᠨ ᠣᠯᠠᠨ ᠫᠷᠣᠭᠷᠠᠮ (ᠵᠢᠱᠢᠶ᠎ᠡ ᠨᠢ᠂ Adobe Creative Suite) ᠣᠳᠣ SaaS (ᠵᠢᠱᠢᠶ᠎ᠡ ᠨᠢ᠂ Adobe Creative Cloud) ᠬᠡᠯᠪᠡᠷᠢ ᠪᠡᠷ ᠠᠰᠢᠭᠯᠠᠬᠤ ᠪᠣᠯᠤᠮᠵᠢ ᠲᠠᠢ ᠪᠣᠯᠤᠭᠰᠠᠨ᠃
''SaaS ᠍ ᠶᠢᠨ ᠠᠰᠢᠭ ᠲᠤᠰᠠ''᠄
SaaS ᠍ ᠤᠨ ᠭᠣᠣᠯ ᠳᠠᠪᠠᠭᠤ ᠲᠠᠯ᠎ᠠ ᠨᠢ ᠳᠡᠳ᠋ ᠪᠦᠲᠦᠴᠡ᠂ ᠫᠷᠣᠭᠷᠠᠮ ᠤᠨ ᠠᠷᠠᠴᠢᠯᠠᠭ᠎ᠠ᠂ ᠵᠣᠬᠢᠴᠠᠭᠤᠯᠤᠯᠲᠠ ᠶᠢ ᠪᠦᠭᠦᠳᠡ ᠶᠢ SaaS ᠦᠢᠯᠡᠴᠢᠯᠡᠭᠡ ᠦᠵᠡᠭᠦᠯᠦᠭᠴᠢᠳ ᠲᠦ ᠦᠭᠦᠷᠡᠭᠦᠯᠦᠭᠰᠡᠨ ᠳᠦ ᠣᠷᠣᠰᠢᠨ᠎ᠠ᠃ ᠦᠢᠯᠡᠴᠢᠯᠡᠭᠦᠯᠦᠭᠴᠢ ᠶᠢᠨ ᠬᠢᠬᠦ ᠵᠦᠢᠯ ᠨᠢ ᠳᠠᠩᠰᠠ ᠨᠡᠭᠡᠭᠡᠭᠡᠳ᠂ ᠲᠥᠯᠥᠪᠦᠷᠢ ᠪᠡᠨ ᠲᠥᠯᠦᠵᠦ᠂ ᠫᠷᠣᠭᠷᠠᠮ ᠢᠶᠠᠨ ᠠᠰᠢᠭᠯᠠᠵᠤ ᠡᠬᠢᠯᠡᠬᠦ ᠶᠠᠪᠤᠳᠠᠯ ᠶᠤᠮ᠃ ᠦᠢᠯᠡᠴᠢᠯᠡᠭᠡ ᠦᠵᠡᠭᠦᠯᠦᠭᠴᠢ ᠨᠢ ᠰᠧᠷᠸᠧᠷ ᠤᠨ ᠲᠧᠭᠨᠢᠭ ᠬᠠᠩᠭᠠᠮᠵᠢ᠂ ᠫᠷᠣᠭᠷᠠᠮ ᠬᠠᠩᠭᠠᠮᠵᠢ ᠶᠢᠨ ᠵᠠᠰᠠᠪᠤᠷᠢ ᠦᠢᠯᠡᠴᠢᠯᠡᠭᠡ᠂ ᠬᠡᠷᠡᠭᠯᠡᠭᠴᠢ ᠶᠢᠨ ᠬᠠᠨᠳᠤᠯᠲᠠ᠂ ᠠᠶᠤᠯ ᠦᠭᠡᠢ ᠪᠠᠶᠢᠳᠠᠯ᠂ ᠥᠭᠭᠥᠭᠳᠡᠯ ᠬᠠᠳᠠᠭᠠᠯᠠᠮᠵᠢ᠂ ᠵᠣᠬᠢᠴᠠᠭᠤᠯᠤᠯᠲᠠ᠂ ᠰᠢᠨᠡᠴᠢᠯᠡᠯᠲᠡ᠂ ᠨᠡᠮᠡᠯᠲᠡ ᠨᠦᠭᠦᠳ ᠢ ᠬᠡᠷᠡᠭᠵᠢᠭᠦᠯᠬᠦ ᠭᠡᠬᠦ ᠮᠡᠲᠦ ᠪᠦᠬᠦ ᠠᠰᠠᠭᠤᠳᠠᠯ ᠢ ᠬᠠᠷᠢᠭᠤᠴᠠᠨ᠎ᠠ᠃
''SaaS ᠍ ᠦᠨ ᠪᠤᠰᠤᠳ ᠳᠠᠪᠠᠭᠤ ᠲᠠᠯ᠎ᠠ ᠨᠤᠭᠤᠳ ᠨᠢ''᠄
ᠡᠷᠦᠰᠳᠡᠯ ᠢ ᠴᠣᠮᠬᠠᠳᠬᠠᠭᠰᠠᠨ᠄
SaaS ᠪᠦᠲᠦᠭᠡᠭᠳᠡᠬᠦᠨ ᠨᠦᠭᠦᠳ ᠨᠢ ᠦᠨ᠎ᠡ ᠦᠭᠡᠢ ᠲᠤᠷᠰᠢᠯᠲᠠ ᠶᠢᠨ ᠬᠤᠭᠤᠴᠠᠭ᠎ᠠ ᠡᠰᠡᠪᠡᠯ ᠰᠠᠷ᠎ᠠ ᠶᠢᠨ ᠪᠠᠭ᠎ᠠ ᠬᠤᠷᠢᠶᠠᠮᠵᠢ ᠶᠢ ᠰᠠᠨᠠᠯ ᠪᠣᠯᠭᠠᠳᠠᠭ ᠲᠤᠯᠠ ᠬᠡᠷᠡᠭᠯᠡᠭᠴᠢᠳ ᠲᠦ ᠰᠠᠩᠬᠦᠦ ᠶᠢᠨ ᠡᠷᠦᠰᠳᠡᠯ ᠪᠠᠭ᠎ᠠ ᠲᠠᠢ᠂ ᠡᠷᠡᠰᠳᠡᠯ ᠦᠭᠡᠢ ᠪᠠᠶᠢᠳᠠᠯ ᠢᠶᠠᠷ ᠲᠤᠬᠠᠢ ᠶᠢᠨ ᠦᠢᠯᠡᠴᠢᠯᠡᠭᠡ ᠬᠡᠷᠡᠭᠴᠡᠭᠡᠨ ᠳᠦ ᠨᠢ ᠨᠡᠶᠢᠴᠡᠨ ᠡᠰᠡᠬᠦ ᠶᠢ ᠮᠡᠳᠡᠷᠡᠬᠦ ᠪᠣᠯᠤᠮᠵᠢ ᠲᠠᠢ᠃
ᠪᠦᠲᠦᠭᠡᠮᠵᠢ ᠬᠠᠮᠢᠭ᠎ᠠ ᠴᠤ᠂ ᠬᠡᠵᠢᠶ᠎ᠡ ᠴᠤ᠄
ᠬᠡᠷᠡᠭᠯᠡᠭᠴᠢᠳ ᠬᠥᠲᠥᠴᠢ ᠪᠣᠯᠤᠨ ᠢᠨᠲ᠋ᠧᠷᠨᠡᠲ ᠬᠣᠯᠪᠣᠯᠲᠠ ᠲᠠᠢ ᠳᠤᠷ᠎ᠠ ᠶᠢᠨ ᠲᠥᠬᠥᠭᠡᠷᠦᠮᠵᠢ ᠳᠡᠭᠡᠷ᠎ᠡ SaaS ᠫᠷᠣᠭᠷᠠᠮ ᠤᠳ ᠠᠰᠢᠭᠯᠠᠬᠤ ᠪᠣᠯᠤᠮᠵᠢ ᠲᠠᠢ᠃
ᠬᠢᠯᠪᠠᠷ ᠥᠷᠭᠡᠵᠢᠭᠦᠯᠬᠦ ᠪᠣᠯᠤᠮᠵᠢ᠄
ᠬᠡᠷᠡᠭᠯᠡᠭᠴᠢ ᠨᠡᠮᠡᠬᠦ ᠨᠢ ᠪᠥᠷᠢᠳᠬᠡᠭᠦᠯᠬᠦ᠂ ᠰᠢᠨ᠎ᠡ ᠳᠠᠩᠰᠠᠨ ᠤ ᠬᠤᠷᠢᠶᠠᠮᠵᠢ ᠶᠢ ᠨᠢ ᠤᠯᠭᠤᠬᠤ ᠲᠡᠳᠦᠢ ᠬᠢᠯᠪᠠᠷ; ᠬᠡᠷᠡᠭᠯᠡᠭᠴᠢᠳ ᠳ᠋ᠣᠣ ᠳᠤ ᠦᠨ᠎ᠡ ᠪᠡᠷ ᠥᠭᠭᠥᠭᠳᠡᠯ ᠦᠨ ᠰᠠᠩ ᠤᠨ ᠪᠠᠭᠲᠠᠭᠠᠮᠵᠢ ᠨᠡᠮᠡᠵᠦ ᠬᠤᠳᠠᠯᠳᠤᠵᠤ ᠠᠪᠬᠤ ᠪᠣᠯᠤᠮᠵᠢ ᠲᠠᠢ᠃
== ᠲᠦᠭᠡᠭᠡᠯ ==
== ᠲᠦᠭᠡᠭᠡᠯ ==
ᠲᠦᠭᠡᠭᠡᠯ
ᠲᠦᠭᠡᠭᠡᠯ
136

edits