Jump to content

"ᠮᠣᠩᠭᠤᠯ ᠊ᠤᠨ ᠴᠠᠭᠳᠠᠭ ᠊ᠠ᠋"-ны өөр хувилбарууд

Uranbilig (Яриа) хэрэглэгчийн 2925 засварыг цуцлах
(Edit)
Tag: Replaced
(Uranbilig (Яриа) хэрэглэгчийн 2925 засварыг цуцлах)
Tag: Undo
1-р мөр: 1-р мөр:

= ᠨᠡᠢᠢᠲᠡᠯᠡᠯ ᠦ᠋ᠨ ᠨᠡᠷ ‍ᠡ᠋  =

ᠲᠠᠨ ‍ᠤ ᠪᠢᠴᠢᠪᠦᠷᠢ
{{ImageX

|Filename=Police_Logo.png
|Text=ᠴᠠᠭᠳᠠᠭ᠎ ‍ᠠ᠋ ‍ᠢᠢᠨ ᠪᠡᠯᠭᠡᠳᠡᠯ
|Height=30

ᠴᠠᠭᠳᠠᠭ᠎ᠠ ᠶᠢᠨ ᠪᠠᠶᠢᠭᠤᠯᠤᠯᠭ᠎ᠠ ᠡᠭᠦᠰᠦᠨ ᠪᠠᠶᠢᠭᠤᠯᠤᠭᠳᠠᠭᠰᠠᠨ ᠴᠠᠭ ᠠᠴᠠ ᠪᠠᠨ ᠬᠣᠶᠢᠰᠢ ᠤᠯᠤᠰ ᠣᠷᠣᠨ ᠤ ᠨᠡᠶᠢᠭᠡᠮ᠂ ᠲᠥᠷᠦ ᠶᠢᠨ ᠪᠠᠶᠢᠭᠤᠯᠤᠮᠵᠢ ᠶᠢᠨ ᠬᠥᠭᠵᠢᠯ ᠦᠨ ᠪᠦᠬᠦᠢ ᠯᠠ ᠦᠶ᠎ᠡ ᠱᠠᠲᠤ ᠨᠤᠭᠤᠳ ᠲᠤ ᠬᠥᠭᠵᠢᠵᠦ᠂ ᠪᠡᠬᠢᠵᠢᠵᠦ ᠢᠷᠡᠭᠰᠡᠨ ᠮᠣᠩᠭᠣᠯ ᠲᠥᠷᠦ ᠶᠢᠨ ᠤᠤᠭᠠᠨ ᠪᠠᠶᠢᠭᠤᠯᠤᠯᠭ᠎ᠠ ᠶᠢᠨ ᠨᠢᠭᠡ ᠶᠤᠮ᠃

== ᠨᠢᠭᠡᠨ ᠭᠠᠷᠴᠠᠭ ==
== ᠠᠩᠬᠠᠨ ᠤ ᠦᠨᠳᠦᠰᠦᠨ ᠬᠠᠤᠯᠢ ᠪᠠᠲᠤᠯᠠᠭᠳᠠᠬᠤ ᠶᠢᠨ ᠡᠮᠦᠨᠡᠬᠢ ᠦᠶ᠎ᠡ ( 1924 ᠣᠨ ᠬᠦᠷᠲᠡᠯ᠎ᠡ) ==
ᠲᠠᠨ ‍ᠤ ᠪᠢᠴᠢᠪᠦᠷᠢ

{{ImageX
|Filename=Police 15B.jpg
|Text=ᠬᠤᠪᠢᠰᠬᠠᠯ ᠡᠴᠡ ᠡᠮᠦᠨᠠᠬᠢ ᠦᠶ ‍ᠡ᠋ ‍ᠢᠢᠨ ᠴᠠᠭᠳᠠᠭ᠎ ‍ᠠ᠋
|Height=30

1921 ᠣᠨ ᠳᠤ ᠠᠷᠠᠳ ᠤᠨ ᠵᠠᠰᠠᠭ ᠤᠨ ᠭᠠᠵᠠᠷ ᠤᠨ 6 ᠳ᠋ᠤᠭᠠᠷ ᠬᠤᠷᠠᠯ ᠢᠶᠠᠷ (ᠴᠠᠭᠳᠠᠭ᠎ᠠ ᠶᠢᠨ ᠲᠤᠬᠠᠢ) ᠬᠡᠯᠡᠯᠴᠡᠭᠡᠳ ᠠᠷᠠᠳ ᠲᠦᠮᠡᠨ ᠦ ᠠᠮᠢ ᠪᠡᠶ᠎ᠡ᠂ ᠡᠳ᠋ ᠬᠥᠷᠥᠩᠭᠡ ᠳᠦ ᠬᠠᠯᠳᠠᠭᠰᠠᠳ ᠲᠠᠢ ᠲᠡᠮᠡᠴᠡᠬᠦ᠂ ᠬᠡᠪ ᠵᠢᠷᠤᠮ᠂ ᠡᠩᠬᠡ ᠠᠮᠤᠭᠤᠯᠠᠩ ᠪᠠᠶᠢᠳᠠᠯ ᠢ ᠰᠠᠬᠢᠭᠤᠯᠬᠤ ᠡᠭᠦᠷᠭᠡ ᠪᠦᠬᠦᠢ (ᠰᠡᠷᠭᠡᠶᠢᠯᠡᠬᠦ ᠴᠡᠷᠢᠭ ᠦᠨ ᠰᠠᠯᠠᠭ᠎ᠠ) ᠍ ᠶᠢ ᠪᠠᠶᠢᠭᠤᠯᠤᠭᠰᠠᠨ ᠨᠢ ᠮᠣᠩᠭᠣᠯ ᠤᠯᠤᠰ ᠤᠨ ᠰᠢᠨ᠎ᠡ ᠦᠶ᠎ᠡ ᠶᠢᠨ ᠴᠠᠭᠳᠠᠭ᠎ᠠ ᠶᠢᠨ ᠪᠠᠶᠢᠭᠤᠯᠤᠯᠭ᠎ᠠ ᠶᠢᠨ ᠡᠭᠦᠰᠦᠯ ᠪᠣᠯᠵᠠᠢ᠃

== ᠪᠠᠰᠠ ᠨᠢᠭᠡᠨ ᠭᠠᠷᠴᠠᠭ ==
1922 ᠣᠨ ᠳᠤ ᠨᠡᠶᠢᠰᠯᠡᠯ ᠬᠦᠷᠢᠶᠡᠨ ᠳᠦ 102 ᠬᠦᠮᠦᠨ ᠲᠡᠢ ᠴᠠᠭᠳᠠᠨ ᠰᠡᠷᠭᠡᠶᠢᠯᠡᠬᠦ ᠬᠣᠷᠢᠶ᠎ᠠ᠂ ᠠᠮᠤᠭᠤᠯᠠᠩ ᠪᠠᠭᠠᠲᠤᠷ ᠬᠣᠲᠠᠳ 32 ᠬᠦᠮᠦᠨ ᠲᠡᠢ ᠴᠠᠭᠳᠠᠨ ᠰᠡᠷᠭᠡᠶᠢᠯᠡᠬᠦ ᠬᠡᠯᠲᠡᠰ ᠠᠵᠢᠯᠯᠠᠵᠤ ᠪᠠᠶᠢᠭᠰᠠᠨ ᠢ 1923 ᠣᠨ ᠳᠤ ᠨᠢᠭᠡᠳᠬᠡᠵᠦ᠂ 1924 ᠣᠨ ᠳᠤ 148 ᠬᠦᠮᠦᠨ ᠲᠡᠢ ᠠᠵᠢᠯᠯᠠᠵᠤ ᠪᠠᠶᠢᠴᠠᠢ᠃
ᠲᠠᠨ ‍ᠤ ᠪᠢᠴᠢᠪᠦᠷᠢ

== ᠡᠬᠢ ᠰᠤᠷᠪᠤᠯᠵᠢ ==

ᠲᠠᠨ ‍ᠤ ᠡᠬᠢ ᠰᠤᠷᠪᠤᠯᠵᠢ
ᠵᠠᠰᠠᠭ ᠤᠨ ᠭᠠᠵᠠᠷ ᠤᠨ 1923 ᠣᠨ ᠤ 18 ᠳ᠋ᠤᠭᠠᠷ ᠬᠤᠷᠠᠯ ᠢᠶᠠᠷ (ᠴᠠᠭᠳᠠᠨ ᠰᠡᠷᠭᠡᠶᠢᠯᠡᠬᠦ ᠶᠢᠨ ᠡᠷᠬᠡ ᠬᠡᠮᠵᠢᠶᠡᠨ ᠦ ᠳᠦᠷᠢᠮ) ᠍ ᠢ ᠪᠠᠲᠤᠯᠠᠵᠤ᠂ ᠴᠠᠭᠳᠠᠭ᠎ᠠ ᠶᠢᠨ ᠡᠭᠦᠷᠭᠡ ᠶᠢ᠄ (ᠭᠡᠮᠲᠦ ᠬᠡᠷᠡᠭ ᠲᠡᠢ ᠲᠡᠮᠡᠴᠡᠬᠦ᠂ ᠬᠠᠤᠯᠢ᠂ ᠳᠦᠷᠢᠮ ᠦᠨ ᠪᠡᠶᠡᠯᠡᠯᠲᠡ ᠳᠦ ᠬᠢᠨᠠᠯᠲᠠ ᠲᠠᠯᠪᠢᠬᠤ᠂ ᠬᠡᠪ ᠵᠢᠷᠤᠮ᠂ ᠠᠷᠢᠭᠤᠨ ᠴᠡᠪᠡᠷ ᠢ ᠰᠠᠬᠢᠭᠤᠯᠬᠤ᠂ ᠭᠠᠷᠤᠭᠰᠠᠨ ᠬᠡᠷᠡᠭ᠂ ᠵᠥᠷᠢᠴᠡᠯ ᠳᠦ ᠠᠷᠭ᠎ᠠ ᠬᠡᠮᠵᠢᠶ᠎ᠡ ᠠᠪᠬᠤ᠂ ᠡᠯᠴᠢᠨ᠂ ᠺᠣᠨᠰᠤᠶᠢᠯ ᠢ ᠬᠠᠮᠠᠭᠠᠯᠠᠬᠤ᠂ ᠡᠷᠭᠢᠭᠦᠯ᠂ ᠮᠠᠨᠠᠭ᠎ᠠ ᠬᠢᠬᠦ᠂ ᠭᠠᠯ ᠲᠦᠢᠮᠡᠷ ᠢ ᠰᠡᠷᠭᠡᠶᠢᠯᠡᠬᠦ᠂ ᠰᠥᠨᠦᠭᠡᠬᠦ ᠶᠠᠪᠤᠳᠠᠯ) ᠭᠡᠳ ᠵᠠᠰᠠᠭ ᠤᠨ ᠭᠠᠵᠠᠷ᠂ ᠣᠯᠠᠨ ᠶᠠᠮᠤᠳ ᠠᠴᠠ ᠵᠢᠭᠠᠵᠤ᠂ ᠲᠤᠰᠢᠶᠠᠭᠰᠠᠨ ᠨᠡᠮᠡᠭᠳᠡᠯ ᠡᠭᠦᠷᠭᠡ ᠶᠢ ᠪᠡᠶᠡᠯᠡᠭᠦᠯᠬᠦ ᠪᠡᠷ ᠵᠢᠭᠠᠭᠰᠠᠨ ᠪᠠᠶᠢᠨ᠎ᠠ᠃

== ᠠᠩᠬᠠᠨ ᠤ ᠦᠨᠳᠦᠰᠦᠨ ᠬᠠᠤᠯᠢ ᠶᠢᠨ ᠡᠮᠦᠨᠡᠬᠢ ᠦᠶ᠎ᠡ (1924-1940) ==
1924 ᠣᠨ ᠳᠤ ᠬᠤᠷᠠᠯᠳᠤᠭᠰᠠᠨ ᠤᠯᠤᠰ ᠤᠨ ᠠᠩᠬᠠᠳᠤᠭᠠᠷ ᠶᠡᠬᠡ ᠬᠤᠷᠠᠯ ᠠᠴᠠ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠶᠢ ᠳᠣᠲᠣᠭᠠᠳᠤ ᠶᠠᠮᠤᠨ ᠤ ᠬᠠᠷᠢᠶᠠᠨ ᠳᠤ ᠰᠢᠯᠵᠢᠭᠦᠯᠦᠨ (ᠤᠯᠤᠰ ᠤᠨ ᠴᠠᠭᠳᠠᠨ ᠰᠡᠷᠭᠡᠶᠢᠯᠡᠬᠦ ᠶᠡᠷᠦᠩᠬᠡᠢ ᠭᠠᠵᠠᠷ) ᠍ ᠶᠢ ᠪᠠᠶᠢᠭᠤᠯᠵᠤ᠂ ᠠᠶᠢᠮᠠᠭ᠂ ᠬᠣᠰᠢ ᠨᠤᠭᠤᠳ ᠲᠤ ᠴᠠᠭᠳᠠᠨ ᠰᠡᠷᠭᠡᠶᠢᠯᠡᠬᠦ ᠨᠢᠭᠡᠴᠡ ᠪᠠᠶᠢᠭᠤᠯᠬᠤ ᠪᠠᠷ ᠰᠢᠢᠳᠪᠦᠷᠢᠯᠡᠵᠦ᠂ ᠬᠦᠮᠦᠨ ᠠᠮᠠ᠂ ᠭᠠᠳᠠᠭᠠᠳᠤ ᠶᠢᠨ ᠮᠥᠩᠭᠥ ᠬᠡᠦᠯᠦᠭᠴᠢᠳ ᠲᠥᠪᠯᠡᠷᠡᠵᠦ ᠪᠠᠶᠢᠭᠰᠠᠨ ᠤᠯᠢᠶᠠᠰᠤᠲᠠᠢ ᠬᠣᠲᠠᠳ ᠪᠠᠭ᠎ᠠ ᠳᠠᠷᠤᠭ᠎ᠠ 1᠂ ᠴᠠᠭᠳᠠᠭ᠎ᠠ 4 ᠍ ᠶᠢ ᠠᠵᠢᠯᠯᠠᠭᠤᠯᠬᠤ ᠪᠣᠯᠤᠭᠰᠠᠨ ᠨᠢ ᠣᠷᠣᠨ ᠨᠤᠲᠤᠭ ᠳ᠋ᠠᠬᠢ ᠴᠠᠭᠳᠠᠭ᠎ᠠ ᠶᠢᠨ ᠪᠠᠶᠢᠭᠤᠯᠤᠯᠭ᠎ᠠ ᠶᠢᠨ ᠠᠩᠬᠠᠨ ᠤ ᠰᠠᠯᠪᠤᠷᠢ ᠨᠢ ᠪᠠᠶᠢᠪᠠ᠃

1934-1940 ᠣᠨ ᠤ ᠦᠶ᠎ᠡ ᠳᠦ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠳᠤ ᠲᠤᠰᠬᠠᠶᠢᠯᠠᠭᠰᠠᠨ ᠴᠢᠭ ᠡᠭᠦᠷᠭᠡ ᠪᠦᠬᠦᠢ ᠲᠥᠷᠦᠯᠵᠢᠭᠰᠡᠨ ᠮᠡᠷᠭᠡᠵᠢᠯ ᠦᠨ ᠠᠯᠪᠠ ᠳᠤ᠂ ᠠᠶᠢᠮᠠᠭ᠂ ᠬᠣᠲᠠᠳ ᠴᠠᠭᠳᠠᠨ ᠰᠡᠷᠭᠡᠶᠢᠯᠡᠬᠦ ᠠᠩᠭᠢ ᠪᠤᠢ ᠪᠣᠯᠵᠤ ᠦᠢᠯᠡ ᠠᠵᠢᠯᠯᠠᠭ᠎ᠠ ᠨᠢ ᠥᠷᠭᠡᠵᠢᠭᠰᠡᠨ ᠶᠤᠮ᠃

ᠡᠨᠡ ᠣᠨ ᠵᠢᠯ ᠦᠳ ᠲᠦ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠶᠢᠨ ᠡᠭᠦᠷᠭᠡ ᠨᠢ ᠲᠤᠰᠠᠭᠠᠷ ᠲᠣᠭᠲᠠᠨᠢᠯ᠂ ᠠᠷᠠᠳ ᠤᠨ ᠬᠤᠪᠢᠰᠬᠠᠯ ᠤᠨ ᠣᠯᠤᠯᠲᠠ ᠶᠢ ᠪᠠᠲᠤᠳᠬᠠᠬᠤ᠂ ᠳᠠᠶᠢᠨ ᠤ ᠪᠣᠯᠤᠨ ᠪᠦᠲᠦᠭᠡᠨ ᠪᠠᠶᠢᠭᠤᠯᠤᠯᠲᠠ ᠶᠢᠨ ᠵᠢᠯ ᠦᠳ ᠲᠦ ᠤᠯᠤᠰ ᠣᠷᠣᠨ ᠤ ᠠᠶᠤᠯ ᠦᠭᠡᠢ ᠪᠠᠶᠢᠳᠠᠯ ᠢ ᠬᠠᠩᠭᠠᠬᠤ ᠳᠤ ᠲᠤᠰ ᠲᠤᠰ ᠴᠢᠭᠯᠡᠭᠳᠡᠵᠦ ᠪᠠᠶᠢᠪᠠ᠃

== ᠬᠣᠶᠠᠳᠤᠭᠠᠷ ᠦᠨᠦᠳᠦᠰᠦᠨ ᠬᠠᠤᠯᠢ ᠶᠢᠨ ᠦᠶ᠎ᠡ (1940-1960) ==
1940 - 1960 ᠣᠨ ᠳᠤ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠰᠢᠨ᠎ᠡ ᠦᠨᠳᠦᠰᠦᠨ ᠬᠠᠤᠯᠢ᠂ ᠡᠷᠡᠭᠦᠦ᠂ ᠡᠷᠡᠭᠦᠦ ᠶᠢᠨ ᠪᠠᠶᠢᠴᠠᠭᠠᠨ ᠰᠢᠢᠳᠭᠡᠬᠦ ᠬᠠᠤᠯᠢ᠂ ᠪᠤᠰᠤᠳ ᠬᠠᠤᠯᠢ ᠲᠣᠭᠲᠠᠭᠠᠮᠵᠢ ᠶᠢ ᠬᠡᠷᠡᠭᠵᠢᠭᠦᠯᠬᠦ ᠵᠣᠷᠢᠯᠭ᠎ᠠ ᠪᠠᠷ ᠬᠦᠮᠦᠨ ᠦ ᠠᠮᠢ᠂ ᠳᠡᠭᠡᠷᠡᠮ᠂ ᠬᠤᠯᠠᠭᠠᠢ᠂ ᠥᠮᠴᠢ ᠠᠰᠢᠭᠯᠠᠬᠤ᠂ ᠳᠠᠮ ᠤᠨ ᠨᠠᠶᠢᠮᠠᠭ᠎ᠠ ᠬᠢᠭᠴᠢᠳ᠂ ᠲᠠᠩᠬᠠᠶᠢᠷᠠᠭᠴᠢ ᠳᠤ᠂ ᠬᠠᠤᠯᠢ ᠶᠣᠰᠣ ᠵᠥᠷᠢᠴᠡᠭᠴᠢᠳ ᠲᠡᠢ ᠲᠡᠮᠡᠴᠡᠬᠦ᠂ ᠢᠷᠭᠡᠳ ᠢ ᠫᠠᠰᠫᠣᠷᠲᠤᠵᠢᠭᠤᠯᠬᠤ᠂ ᠭᠡᠷ ᠪᠦᠯᠢ ᠶᠢᠨ ᠪᠠᠶᠢᠳᠠᠯ ᠢ ᠪᠦᠷᠢᠳᠬᠡᠬᠦ᠂ ᠬᠡᠷᠡᠭ ᠪᠦᠷᠢᠳᠬᠡᠬᠦ᠂ ᠮᠥᠷᠳᠡᠨ ᠪᠠᠶᠢᠴᠠᠭᠠᠬᠤ ᠠᠯᠪᠠ ᠶᠢ ᠪᠡᠬᠢᠵᠢᠭᠦᠯᠬᠦ ᠳᠦ ᠦᠢᠯᠡ ᠠᠵᠢᠯᠯᠠᠭ᠎ᠠ ᠶᠢ ᠪᠠᠨ ᠴᠢᠭᠯᠡᠭᠦᠯᠵᠦ ᠠᠵᠢᠯᠯᠠᠭᠰᠠᠨ ᠪᠠᠶᠢᠨ᠎ᠠ᠃

== ᠭᠤᠳᠤᠭᠠᠷ ᠦᠨᠦᠳᠦᠰᠦᠨ ᠬᠠᠤᠯᠢ ᠶᠢᠨ ᠦᠶ᠎ᠡ (1960-1990) ==

{{ImageX
|Filename=Berittene_Polizei_Ulaan_Baatar_2010.JPG
|Text=ᠮᠣᠷᠢᠲᠤ ᠡᠷᠭᠢᠭᠦᠯ
|Height=30

1960-1990 ᠣᠨ ᠳᠤ ᠴᠠᠭᠳᠠᠭ᠎ᠠ ᠶᠢᠨ ᠪᠠᠶᠢᠭᠤᠯᠤᠯᠭ᠎ᠠ ᠶᠢᠨ ᠪᠦᠲᠦᠴᠡ᠂ ᠵᠣᠬᠢᠶᠠᠨ ᠪᠠᠶᠢᠭᠤᠯᠤᠯᠲᠠ ᠥᠷᠭᠡᠵᠢᠨ ᠲᠥᠷᠥᠯ ᠮᠡᠷᠭᠡᠵᠢᠯ ᠦᠨ ᠠᠯᠪᠠᠳ ᠲᠠᠢ ᠪᠣᠯᠵᠤ᠂ ᠲᠡᠳᠡᠭᠡᠷ ᠢ ᠮᠡᠷᠭᠡᠵᠢᠯ ᠦᠨ ᠤᠳᠤᠷᠢᠳᠤᠯᠭ᠎ᠠ᠂ ᠠᠵᠢᠯ ᠤᠨ ᠤᠶᠠᠯᠳᠤᠭ᠎ᠠ ᠬᠣᠯᠪᠣᠭ᠎ᠠ ᠪᠠᠷ ᠬᠠᠩᠭᠠᠵᠤ᠂ ᠮᠡᠷᠭᠡᠰᠢᠭᠦᠯᠬᠦ ᠠᠵᠢᠯ ᠳᠤ ᠲᠦᠯᠬᠢᠭᠦᠦ ᠠᠩᠬᠠᠷᠴᠤ᠂ ᠭᠡᠮᠲᠦ ᠬᠡᠷᠡᠭ ᠲᠡᠢ ᠲᠡᠮᠡᠴᠡᠬᠦ᠂ ᠤᠷᠢᠳᠴᠢᠯᠠᠨ ᠰᠡᠷᠭᠡᠶᠢᠯᠡᠬᠦ ᠠᠵᠢᠯ ᠳᠤ ᠲᠧᠭᠨᠢᠭ ᠬᠡᠷᠡᠭᠰᠡᠯ᠂ ᠰᠢᠨᠵᠢᠯᠡᠬᠦ ᠤᠬᠠᠭᠠᠨ ᠤ ᠣᠯᠤᠯᠲᠠ᠂ ᠲᠡᠷᠢᠭᠦᠨ ᠲᠤᠷᠰᠢᠯᠭ᠎ᠠ ᠶᠢ ᠨᠡᠪᠲᠡᠷᠡᠭᠦᠯᠵᠦ᠂ ᠮᠠᠲ᠋ᠧᠷᠢᠶᠠᠯᠯᠢᠭ ᠪᠠᠭᠠᠵᠢ ᠨᠢ ᠤᠯᠠᠮ ᠪᠡᠬᠢᠵᠢᠭᠰᠡᠨ᠃

1966 ᠣᠨ ᠳᠤ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠶᠢᠨ 45 ᠵᠢᠯ ᠦᠨ ᠣᠢ ᠶᠢ ᠨᠢ ᠲᠣᠬᠢᠶᠠᠯᠳᠤᠭᠤᠯᠤᠨ ᠲᠥᠷᠦ᠂ ᠠᠷᠠᠳ ᠲᠦᠮᠡᠨ ᠦ ᠪᠡᠨ ᠡᠮᠦᠨ᠎ᠡ ᠬᠦᠯᠢᠶᠡᠭᠰᠡᠨ ᠡᠭᠦᠷᠭᠡ ᠪᠡᠨ ᠨᠡᠷ᠎ᠡ ᠲᠥᠷᠦ ᠲᠡᠢ ᠪᠡᠶᠡᠯᠡᠭᠦᠯᠵᠦ ᠢᠷᠡᠭᠰᠡᠨ ᠢ ᠥᠨᠳᠦᠷ ᠢᠶᠡᠷ ᠦᠨᠡᠯᠡᠵᠦ (ᠪᠠᠶᠢᠯᠳᠤᠭᠠᠨ ᠤ ᠭᠠᠪᠢᠶᠠᠨ ᠤ ᠤᠯᠠᠭᠠᠨ ᠲᠤᠭ ᠤᠨ ᠣᠳᠤᠨ) ᠍ ᠪᠠᠷ ᠱᠠᠩᠨᠠᠭᠰᠠᠨ ᠶᠤᠮ᠃

1966 ᠣᠨ ᠤ 7 ᠳ᠋ᠤᠭᠠᠷ ᠰᠠᠷ᠎ᠠ ᠳᠤ ᠤᠯᠠᠭᠠᠨᠪᠠᠭᠠᠲᠤᠷ ᠬᠣᠲᠠᠳ ᠶᠡᠬᠡ ᠦᠶᠡᠷ ᠪᠣᠯᠵᠤ ᠲᠡᠭᠦᠨ ᠡᠴᠡ ᠤᠯᠤᠰ᠂ ᠣᠯᠠᠨ ᠨᠡᠶᠢᠲᠡ ᠂ ᠢᠷᠭᠡᠳ ᠦᠨ ᠥᠮᠴᠢ ᠬᠥᠷᠥᠩᠭᠡ᠂ ᠠᠮᠢ ᠪᠡᠶ᠎ᠡ ᠶᠢ ᠠᠪᠤᠷᠠᠨ ᠬᠠᠮᠠᠭᠠᠯᠠᠬᠤ ᠶᠡᠬᠡ ᠦᠢᠯᠡᠰ ᠲᠦ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠶᠢᠨ ᠠᠵᠢᠯᠲᠠᠨ ᠨᠤᠭᠤᠳ ᠪᠠᠭᠠᠲᠤᠷᠯᠢᠭ ᠭᠠᠪᠢᠶ᠎ᠠ ᠪᠠᠶᠢᠭᠤᠯᠵᠤ ᠠᠵᠢᠯᠯᠠᠭᠰᠠᠨ ᠲᠡᠦᠬᠡ ᠲᠡᠢ᠃

ᠮᠣᠩᠭᠣᠯ ᠤᠯᠤᠰ ᠤᠨ ᠴᠠᠭᠳᠠᠭ᠎ᠠ ᠶᠢᠨ ᠪᠠᠶᠢᠭᠤᠯᠤᠯᠭ᠎ᠠ ᠶᠢᠨ ᠲᠥᠪ᠂ ᠣᠷᠣᠨ ᠨᠤᠲᠤᠭ ᠤᠨ ᠠᠯᠪᠠ ᠳᠤ᠂ ᠭᠠᠵᠠᠷ ᠬᠡᠯᠲᠡᠰ ᠡᠴᠡ ᠲᠥᠷᠦ ᠶᠢᠨ ᠳᠡᠭᠡᠳᠦ ᠣᠳᠣᠨ ᠢᠶᠠᠷ ᠱᠠᠩᠨᠠᠭᠳᠠᠭᠰᠠᠨ ᠬᠣᠶᠠᠷᠬᠠᠨ ᠪᠠᠶᠢᠭᠤᠯᠤᠯᠭ᠎ᠠ ᠪᠠᠶᠢᠳᠠᠭ᠃

ᠤᠯᠤᠰ ᠤᠨ ᠴᠠᠭᠳᠠᠨ ᠰᠡᠷᠭᠡᠶᠢᠯᠡᠬᠦ ᠶᠡᠷᠦᠩᠬᠡᠢ ᠭᠠᠵᠠᠷ ᠤᠨ ᠬᠡᠮᠵᠢᠶᠡᠨ ᠳᠦ ᠠᠵᠢᠯ᠂ ᠠᠮᠵᠢᠯᠲᠠ ᠪᠠᠷ ᠢᠶᠠᠨ ᠲᠡᠷᠢᠭᠦᠯᠡᠨ 1979᠂ 1980 ᠣᠨ ᠳᠤ 2 ᠵᠢᠯ ᠳᠠᠷᠠᠭᠠᠯᠠᠨ ᠲᠡᠷᠢᠭᠦᠨ ᠪᠠᠶᠢᠷᠢ ᠡᠵᠡᠯᠡᠵᠦ ᠰᠢᠯᠵᠢᠨ ᠶᠠᠪᠤᠬᠤ ᠤᠯᠠᠭᠠᠨ ᠲᠤᠭ ᠢ ᠡᠭᠦᠷᠢᠳᠡ ᠬᠠᠳᠠᠭᠠᠯᠠᠬᠤ ᠪᠠᠷ ᠱᠠᠩᠨᠠᠭᠳᠠᠭᠰᠠᠨ ᠵᠠᠪᠬᠠᠨ ᠠᠶᠢᠮᠠᠭ ᠤᠨ ᠴᠠᠭᠳᠠᠨ ᠰᠡᠷᠭᠡᠶᠢᠯᠡᠬᠦ ᠠᠩᠭᠢ ᠶᠢ ᠪᠦ‍ ᠨᠠᠢ‍ ᠮᠣ‍ ᠠ‍ ᠤ‍ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1981 ᠣᠨ ᠤ 07 ᠳ᠋ᠤᠭᠠᠷ ᠰᠠᠷ᠎ᠠ ᠶᠢᠨ 14 ᠍ ᠦ ᠡᠳᠦᠷ ᠦᠨ 243 ᠲᠣᠭᠠᠲᠤ ᠵᠠᠷᠯᠢᠭ ᠢᠶᠠᠷ ᠭᠡᠮᠲᠦ ᠬᠡᠷᠡᠭ ᠲᠡᠢ ᠲᠡᠮᠡᠴᠡᠬᠦ᠂ ᠤᠷᠢᠳᠴᠢᠯᠠᠨ ᠰᠡᠷᠭᠡᠶᠢᠯᠡᠬᠦ᠂ ᠨᠡᠶᠢᠭᠡᠮ ᠦᠨ ᠬᠡᠪ ᠵᠢᠷᠤᠮ ᠰᠠᠬᠢᠭᠤᠯᠬᠤ ᠳᠤ ᠣᠷᠣᠭᠤᠯᠤᠭᠰᠠᠨ ᠬᠤᠪᠢ ᠨᠡᠮᠡᠷᠢ ᠶᠢ ᠦᠨᠡᠯᠡᠵᠦ ᠴᠠᠭᠳᠠᠨ ᠰᠡᠷᠭᠡᠶᠢᠯᠡᠬᠦ ᠪᠠᠶᠢᠭᠤᠯᠤᠯᠭ᠎ᠠ ᠶᠢᠨ 60 ᠵᠢᠯ ᠦᠨ ᠣᠢ ᠪᠠᠷ ᠲᠥᠷᠦ ᠶᠢᠨ ᠳᠡᠭᠡᠳᠦ ᠱᠠᠩᠨᠠᠯ (ᠠᠯᠲᠠᠨᠭᠠᠳᠠᠰᠤ ᠣᠳᠤᠨ) ᠍ ᠪᠠᠷ ᠱᠠᠩᠨᠠᠵᠤ᠂ ᠠᠬᠠᠮᠠᠳ ᠳ ∙ ᠰᠠᠨᠳᠠᠭ-ᠣᠴᠢᠷ ᠢ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤ ᠤ ᠰᠠᠶᠢᠳ ᠤᠨ ᠲᠤᠰᠢᠶᠠᠯ ᠢᠶᠠᠷ ᠬᠤᠭᠤᠴᠠᠭᠠᠨ ᠤ ᠡᠮᠦᠨ᠎ᠡ ᠬᠣᠰᠢᠭᠤᠴᠢ ᠴᠣᠯᠠ ᠪᠠᠷ ᠱᠠᠩᠨᠠᠭᠰᠠᠨ ᠪᠠᠶᠢᠨ᠎ᠠ᠃

ᠪᠦ‍ ᠨᠠᠢ‍ ᠮᠣ‍ ᠠ‍ ᠤ‍ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1984 ᠣᠨ ᠤ 07 ᠳ᠋ᠤᠭᠠᠷ ᠰᠠᠷ᠎ᠠ ᠶᠢᠨ 14 ᠍ ᠦ ᠡᠳᠦᠷ ᠦᠨ 139 ᠲᠣᠭᠠᠲᠤ ᠵᠠᠷᠯᠢᠭ ᠢᠶᠠᠷ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤ ᠤ ᠴᠡᠷᠢᠭ ᠦᠨ ᠳᠡᠭᠡᠳᠦ ᠰᠤᠷᠭᠠᠭᠤᠯᠢ ᠶᠢ ᠪᠠᠶᠢᠭᠤᠯᠤᠯᠭ᠎ᠠ ᠶᠢᠨ ᠢᠶᠠᠨ ᠰᠢᠰᠲ᠋ᠧᠮ ᠳᠦ ᠮᠡᠷᠭᠡᠵᠢᠯ ᠦᠨ ᠪᠣᠯᠪᠠᠰᠤᠨ ᠬᠦᠴᠦᠨ ᠪᠡᠯᠡᠳᠬᠡᠬᠦ ᠳᠦ ᠴᠢᠬᠤᠯᠠ ᠡᠭᠦᠷᠭᠡ ᠭᠦᠢᠴᠡᠳᠭᠡᠨ ᠪᠠᠶᠢᠭ᠎ᠠ ᠶᠢ ᠲᠡᠮᠳᠡᠭᠯᠡᠨ ᠳᠡᠭᠡᠳᠦ ᠰᠤᠷᠭᠠᠭᠤᠯᠢ ᠪᠠᠶᠢᠭᠤᠯᠤᠭᠳᠠᠰᠤᠨ ᠤ 50 ᠵᠢᠯ ᠦᠨ ᠣᠢ ᠶᠢ ᠲᠣᠬᠢᠶᠠᠯᠳᠤᠭᠤᠯᠤᠨ (ᠴᠡᠷᠢᠭ ᠦᠨ ᠭᠠᠪᠢᠶᠠᠨ ᠤ ᠣᠳᠣᠨ) ᠍ ᠪᠠᠷ ᠱᠠᠩᠨᠠᠭᠰᠠᠨ᠃

== ᠠᠷᠠᠳᠴᠢᠯᠠᠯ ᠤᠨ ᠦᠶ᠎ᠡ ᠪᠤᠶᠤ 1990 ᠣᠨ ᠡᠴᠡ ᠬᠣᠢᠰᠢᠬᠢ ᠦᠶ᠎ᠡ ==
1990 ᠣᠨ ᠳᠤ ᠪᠣᠯᠤᠭᠰᠠᠨ ᠤᠯᠤᠰ ᠲᠥᠷᠦ᠂ ᠨᠡᠶᠢᠭᠡᠮ᠂ ᠡᠳ᠋ ᠍ ᠦᠨ ᠵᠠᠰᠠᠭ ᠤᠨ ᠰᠢᠨᠡᠳᠬᠡᠯ ᠦᠨ ᠬᠦᠷᠢᠶᠡᠨ ᠳᠦ ᠵᠠᠰᠠᠭ ᠤᠨ ᠭᠠᠵᠠᠷ ᠤᠨ ᠰᠢᠢᠳᠪᠦᠷᠢ ᠪᠡᠷ ᠤᠯᠤᠰ ᠤᠨ ᠴᠠᠭᠳᠠᠨ ᠰᠡᠷᠭᠡᠶᠢᠯᠡᠬᠦ ᠶᠡᠷᠦᠩᠬᠡᠢ ᠭᠠᠵᠠᠷ ᠢ ᠴᠠᠭᠳᠠᠭ᠎ᠠ ᠶᠢᠨ ᠶᠡᠷᠦᠩᠬᠡᠢ ᠭᠠᠵᠠᠷ ᠪᠣᠯᠭᠠᠨ ᠥᠭᠡᠷᠡᠴᠢᠯᠡᠨ ᠵᠣᠬᠢᠶᠠᠨ ᠪᠠᠶᠢᠭᠤᠯᠤᠭᠰᠠᠨ᠃

ᠴᠠᠭᠳᠠᠭ᠎ᠠ ᠶᠢᠨ ᠪᠠᠶᠢᠭᠤᠯᠤᠯᠭ᠎ᠠ ᠬᠥᠭᠵᠢᠯ ᠦᠨ ᠢᠶᠡᠨ ᠶᠠᠪᠤᠴᠠ ᠳᠤ ᠭᠠᠳᠠᠭᠠᠳᠤ ᠬᠠᠷᠢᠯᠴᠠᠭ᠎ᠠ ᠪᠠᠨ ᠬᠥᠭᠵᠢᠭᠦᠯᠬᠦ ᠳᠦ ᠠᠩᠬᠠᠷᠴᠤ ᠢᠷᠡᠭᠰᠡᠨ ᠢᠶᠡᠷ 1991 ᠣᠨ ᠳᠤ ᠣᠯᠠᠨ ᠤᠯᠤᠰ ᠤᠨ ᠴᠠᠭᠳᠠᠭ᠎ᠠ ᠶᠢᠨ ᠪᠠᠶᠢᠭᠤᠯᠤᠯᠭ᠎ᠠ (ᠢᠨᠲ᠋ᠧᠷᠫᠣᠯ) ᠍ ᠳᠦ ᠭᠡᠰᠢᠭᠦᠨ ᠢᠶᠡᠷ ᠡᠯᠰᠡᠵᠦ᠂ ᠳᠡᠯᠡᠬᠡᠢ ᠶᠢᠨ ᠤᠯᠤᠰ ᠣᠷᠣᠨ ᠨᠤᠭᠤᠳ ᠤᠨ ᠠᠳᠠᠯᠢ ᠴᠢᠭ ᠡᠭᠦᠷᠭᠡ ᠲᠡᠢ ᠮᠡᠷᠭᠡᠵᠢᠯ ᠦᠨ ᠪᠠᠶᠢᠭᠤᠯᠤᠯᠭ᠎ᠠ ᠨᠤᠭᠤᠳ ᠲᠠᠢ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠪᠠᠨ ᠡᠬᠢᠯᠡᠭᠦᠯᠦᠨ ᠠᠵᠢᠯᠯᠠᠵᠤ ᠪᠠᠶᠢᠨ᠎ᠠ

ᠤᠯᠤᠰ ᠤᠨ ᠶᠡᠬᠡ ᠬᠤᠷᠠᠯ ᠢᠶᠠᠷ 1993 ᠣᠨ ᠳᠤ (ᠴᠠᠭᠳᠠᠭ᠎ᠠ ᠶᠢᠨ ᠪᠠᠶᠢᠭᠤᠯᠤᠯᠭ᠎ᠠ ᠶᠢᠨ ᠲᠤᠬᠠᠢ ᠬᠠᠤᠯᠢ) ᠪᠠᠲᠤᠯᠠᠭᠰᠠᠨ ᠨᠢ ᠦᠢᠯᠡ ᠠᠵᠢᠯᠯᠠᠭ᠎ᠠ ᠶᠢ ᠪᠠᠨ ᠬᠠᠤᠯᠢ ᠶᠢ ᠳᠡᠭᠡᠳᠦᠯᠡᠬᠦ᠂ ᠰᠢᠳᠤᠷᠭᠤ ᠶᠣᠰᠣ᠂ ᠲᠡᠭᠰᠢ ᠪᠠᠶᠢᠳᠠᠯ ᠢ ᠬᠠᠩᠭᠠᠬᠤ᠂ ᠬᠦᠮᠦᠨ ᠦ ᠡᠷᠬᠡ᠂ ᠡᠷᠬᠡ ᠴᠢᠯᠦᠭᠡ ᠶᠢ ᠬᠦᠨᠳᠦᠳᠬᠡᠬᠦ ᠵᠠᠷᠴᠢᠮ ᠢᠶᠠᠷ ᠶᠠᠪᠤᠭᠤᠯᠬᠤ ᠡᠷᠬᠡ ᠵᠦᠢ ᠶᠢᠨ ᠦᠨᠳᠦᠰᠦ ᠪᠦᠷᠢᠳᠴᠦ᠂ ᠭᠡᠮᠲᠦ ᠬᠡᠷᠡᠭ ᠲᠡᠢ ᠲᠡᠮᠡᠴᠡᠬᠦ᠂ ᠨᠡᠶᠢᠭᠡᠮ ᠦᠨ ᠬᠡᠪ ᠵᠢᠷᠤᠮ ᠬᠠᠮᠠᠭᠠᠯᠠᠬᠤ ᠡᠭᠦᠷᠭᠡ ᠪᠦᠬᠦᠢ ᠲᠥᠷᠦ ᠶᠢᠨ ᠵᠠᠬᠢᠷᠭᠠᠨ ᠤ ᠪᠡᠶ᠎ᠡ ᠳᠠᠭᠠᠭᠰᠠᠨ ᠪᠠᠶᠢᠭᠤᠯᠤᠯᠭ᠎ᠠ ᠪᠣᠯᠤᠭᠰᠠᠨ ᠶᠤᠮ᠃

ᠡᠷᠬᠡ ᠵᠦᠢ ᠶᠢᠨ ᠰᠢᠨᠡᠳᠬᠡᠯ ᠢ ᠭᠦᠨᠵᠡᠭᠡᠶᠢᠷᠡᠭᠦᠯᠵᠦ᠂ ᠬᠠᠤᠯᠢ ᠶᠢᠨ ᠬᠡᠷᠡᠭᠵᠢᠭᠦᠯᠦᠯᠲᠡ ᠶᠢ ᠰᠠᠶᠢᠵᠢᠷᠠᠭᠤᠯᠬᠤ ᠵᠣᠷᠢᠯᠲᠠ ᠶᠢᠨ ᠬᠦᠷᠢᠶᠡᠨ ᠳᠦ ᠮᠣᠩᠭᠣᠯ ᠤᠯᠤᠰ ᠤᠨ ᠶᠡᠬᠡ ᠬᠤᠷᠠᠯ ᠠᠴᠠ 2002 ᠣᠨ ᠳᠤ ᠪᠠᠲᠤᠯᠠᠨ ᠭᠠᠷᠭᠠᠭᠰᠠᠨ ᠡᠷᠡᠭᠦᠦ ᠶᠢᠨ ᠪᠣᠯᠤᠨ ᠡᠷᠡᠭᠦᠦ ᠶᠢᠨ ᠪᠠᠶᠢᠴᠠᠭᠠᠨ ᠰᠢᠢᠳᠭᠡᠬᠦ ᠬᠠᠤᠯᠢ ᠶᠢᠨ ᠳᠠᠭᠠᠤ ᠴᠠᠭᠳᠠᠭ᠎ᠠ ᠶᠢᠨ ᠪᠠᠶᠢᠭᠤᠯᠤᠯᠭ᠎ᠠ ᠳᠤ ᠬᠡᠷᠡᠭ ᠪᠦᠷᠢᠳᠬᠡᠬᠦ ᠠᠵᠢᠯᠯᠠᠭ᠎ᠠ ᠲᠥᠪᠯᠡᠷᠡᠵᠦ᠂ ᠡᠷᠡᠭᠦᠦ ᠶᠢᠨ ᠴᠠᠭᠳᠠᠭ᠎ᠠ᠂ ᠮᠥᠷᠳᠡᠨ ᠪᠠᠶᠢᠴᠠᠭᠠᠬᠤ ᠠᠯᠪᠠᠳ ᠤᠨ ᠠᠵᠢᠯ ᠤᠨ ᠴᠢᠭᠢ ᠡᠭᠦᠷᠭᠡ ᠳᠦ ᠥᠭᠡᠷᠡᠴᠢᠯᠡᠯᠲᠡ ᠣᠷᠣᠭᠰᠠᠨ ᠲᠡᠳᠦᠢ ᠦᠭᠡᠢ ᠠᠯᠪᠠᠨ ᠤ ᠰᠢᠭᠤᠷᠬᠠᠢ ᠪᠡᠯᠡᠨ ᠪᠠᠶᠢᠳᠠᠯ ᠳᠡᠭᠡᠭᠰᠢᠯᠡᠵᠦ᠂ ᠲᠧᠭᠨᠢᠭ᠂ ᠲᠤᠰᠬᠠᠢ ᠬᠡᠷᠡᠭᠰᠡᠯ ᠦᠨ ᠬᠠᠩᠭᠠᠮᠵᠢ᠂ ᠬᠦᠷᠦᠯᠴᠡᠭᠡ᠂ ᠬᠣᠯᠪᠣᠭᠠᠨ ᠤ ᠲᠧᠭᠨᠢᠭ ᠬᠡᠷᠡᠭᠰᠡᠯ ᠦᠨ ᠬᠦᠴᠦᠨ ᠴᠢᠳᠠᠯ ᠨᠡᠮᠡᠭᠳᠡᠭᠰᠡᠨ᠃

2000-2005 ᠣᠨ ᠳᠤ ᠴᠠᠭᠳᠠᠭ᠎ᠠ ᠶᠢᠨ ᠪᠠᠶᠢᠭᠤᠯᠤᠯᠭ᠎ᠠ ᠶᠢᠨ ᠦᠢᠯᠡᠴᠢᠯᠡᠭᠡ ᠶᠢ ᠢᠷᠭᠡᠳ ᠲᠦ ᠣᠶᠢᠷᠠᠲᠤᠭᠤᠯᠬᠤ᠂ ᠭᠡᠮᠲᠦ ᠬᠡᠷᠡᠭ ᠲᠡᠢ ᠲᠡᠮᠡᠴᠡᠬᠦ᠂ ᠤᠷᠢᠳᠴᠢᠯᠠᠨ ᠰᠡᠷᠭᠡᠶᠢᠯᠡᠬᠦ ᠠᠵᠢᠯ ᠳᠤ ᠢᠷᠭᠡᠳ ᠣᠯᠠᠨ ᠨᠡᠶᠢᠲᠡ ᠶᠢᠨ ᠣᠷᠣᠯᠴᠠᠭ᠎ᠠ ᠶᠢ ᠰᠠᠶᠢᠵᠢᠷᠠᠭᠤᠯᠬᠤ ᠶᠢᠨ ᠲᠤᠯᠠᠳᠠ ᠮᠣᠩᠭᠣᠯ ᠤᠨ ᠨᠡᠭᠡᠭᠡᠯᠲᠡ ᠲᠡᠢ ᠨᠡᠶᠢᠭᠡᠮ ᠬᠦᠷᠢᠶᠡᠯᠡᠩ ᠲᠡᠢ ᠬᠠᠮᠲᠤᠷᠠᠨ (ᠴᠠᠭᠳᠠᠭ᠎ᠠ ᠢᠷᠭᠡᠳ ᠣᠯᠠᠨ ᠨᠡᠶᠢᠲᠡ ᠶᠢᠨ ᠬᠠᠮᠲᠤ ᠶᠢᠨ ᠠᠵᠢᠯᠯᠠᠭ᠎ᠠ) ᠲᠥᠰᠥᠯ᠂ ᠬᠥᠲᠥᠯᠪᠦᠷᠢ ᠶᠢ ᠬᠡᠷᠡᠭᠵᠢᠭᠦᠯᠦᠭᠰᠡᠨ ᠨᠢ ᠢᠷᠭᠡᠳ ᠡᠴᠡ ᠲᠥᠷᠥ ᠳᠦ ᠪᠡᠨ ᠪᠣᠯᠤᠨ ᠴᠠᠭᠳᠠᠭ᠎ᠠ ᠶᠢᠨ ᠪᠠᠶᠢᠭᠤᠯᠤᠯᠭ᠎ᠠ ᠳᠤ ᠢᠲᠡᠭᠡᠬᠦ ᠢᠲᠡᠭᠡᠯ ᠢ ᠳᠡᠭᠡᠭᠰᠢᠯᠡᠭᠦᠯᠬᠦ᠂ ᠴᠠᠭᠳᠠᠭ᠎ᠠ ᠢᠷᠭᠡᠳ ᠦᠨ ᠬᠠᠮᠲᠤ ᠶᠢᠨ ᠠᠵᠢᠯᠯᠠᠭ᠎ᠠ ᠶᠢ ᠰᠠᠶᠢᠵᠢᠷᠠᠭᠤᠯᠬᠤ ᠳᠤ ᠶᠡᠬᠡᠬᠡᠨ ᠠᠴᠢ ᠬᠣᠯᠪᠣᠭᠳᠠᠯ ᠲᠠᠢ ᠠᠵᠢᠯ ᠪᠣᠯᠤᠯ᠎ᠠ᠃

2007 ᠣᠨ ᠳᠤ ᠨᠡᠶᠢᠰᠯᠡᠯ ᠦᠨ ᠴᠠᠭᠳᠠᠭ᠎ᠠ ᠶᠢᠨ ᠭᠠᠵᠠᠷ ᠤᠨ ᠪᠦᠲᠦᠴᠡ ᠳᠦ ᠬᠥᠳᠡᠯᠭᠡᠭᠡᠨ ᠳᠦ ᠡᠷᠭᠢᠭᠦᠯ ᠦᠨ ᠭᠠᠵᠠᠷ ᠪᠠᠶᠢᠭᠤᠯᠤᠭᠳᠠᠵᠤ ᠠᠩᠬ᠎ᠠ ᠤᠳᠠᠭ᠎ᠠ ᠨᠡᠶᠢᠰᠯᠡᠯ ᠬᠣᠲᠠ ᠶᠢᠨ 4 ᠪᠥᠰᠡ 50 ᠬᠡᠰᠡᠭ ᠲᠦ ᠮᠠᠰᠢᠨ ᠳᠤ ᠡᠷᠭᠢᠭᠦᠯ ᠠᠵᠢᠯᠯᠠᠭᠤᠯᠵᠤ ᠪᠠᠶᠢᠭᠰᠠᠨ ᠪᠣᠯ ᠣᠳᠣ 77 ᠬᠡᠰᠡᠭ ᠲᠦ ᠡᠷᠭᠢᠭᠦᠯ ᠦᠨ ᠦᠢᠯᠡ ᠠᠵᠢᠯᠯᠠᠭ᠎ᠠ ᠶᠠᠪᠤᠭᠤᠯᠵᠤ᠂ ᠣᠷᠬᠣᠨ᠂ ᠭᠣᠪᠢᠰᠦᠮᠪᠦᠷ᠂ ᠮᠠᠨᠳᠤᠯ᠂ ᠨᠠᠯᠠᠶᠢᠬᠤ ᠵᠡᠷᠭᠡ ᠠᠶᠢᠮᠠᠭ ᠣᠷᠣᠨ ᠨᠤᠲᠤᠭ ᠤᠨ ᠴᠠᠭᠳᠠᠭ᠎ᠠ ᠶᠢᠨ ᠭᠠᠵᠠᠷ᠂ ᠬᠡᠯᠲᠡᠰ ᠲᠦ ᠬᠥᠳᠡᠯᠭᠡᠭᠡᠨ ᠳᠦ ᠡᠷᠭᠢᠭᠦᠯ ᠠᠵᠢᠯᠯᠠᠬᠤ ᠪᠣᠯᠪᠠ᠃

ᠢᠷᠭᠡᠳ ᠦᠨ ᠠᠮᠤᠭᠤᠯᠠᠩ ᠲᠠᠶᠢᠪᠤᠩ ᠠᠮᠢᠳᠤᠷᠠᠬᠤ ᠨᠥᠬᠥᠴᠡᠯ ᠢ ᠪᠦᠷᠢᠳᠦᠭᠦᠯᠬᠦ᠂ ᠲᠡᠳᠡᠨ ᠳᠦ ᠦᠵᠡᠭᠦᠯᠬᠦ ᠴᠠᠭᠳᠠᠭ᠎ᠠ ᠶᠢᠨ ᠠᠵᠢᠯ ᠦᠢᠯᠡᠴᠢᠯᠡᠭᠡ ᠶᠢ ᠰᠢᠭᠤᠷᠬᠠᠢ ᠪᠣᠯᠭᠠᠬᠤ ᠵᠣᠷᠢᠯᠭ᠎ᠠ ᠪᠠᠷ ᠰᠤᠮᠤ᠂ ᠬᠣᠷᠢᠶᠠᠨ ᠤ ᠨᠤᠲᠤᠭ ᠳᠡᠪᠢᠰᠬᠡᠷ ᠲᠦ ᠶᠠᠫᠣᠨ ᠤᠯᠤᠰ ᠤᠨ ᠴᠠᠭᠳᠠᠭ᠎ᠠ ᠶᠢᠨ ᠪᠠᠶᠢᠭᠤᠯᠤᠯᠭ᠎ᠠ ᠶᠢᠨ ᠲᠤᠷᠰᠢᠯᠭ᠎ᠠ ᠪᠠᠷ (ᠺᠣᠪᠠᠨ) ᠍ ᠤ ᠪᠠᠶᠢᠷᠢ ᠪᠠᠷᠢᠬᠤ ᠠᠷᠭ᠎ᠠ ᠬᠡᠮᠵᠢᠶ᠎ᠡ ᠶᠢ ᠪᠣᠳᠣᠯᠭ᠎ᠠ ᠶᠢᠨ ᠴᠢᠨᠠᠷᠲᠠᠢ ᠠᠪᠴᠤ ᠬᠡᠷᠡᠭᠵᠢᠭᠦᠯᠦᠭᠰᠡᠨ ᠦ ᠦᠷ᠎ᠡ ᠳᠦᠩ ᠳᠦ ᠣᠯᠠᠨ ᠰᠤᠮᠤᠳ ᠲᠤ (ᠺᠣᠪᠠᠨ) ᠍ ᠤ ᠪᠠᠶᠢᠷᠢ ᠪᠠᠷᠢᠵᠤ᠂ ᠠᠰᠢᠭᠯᠠᠯᠲᠠ ᠳᠤ ᠣᠷᠣᠭᠤᠯᠤᠭᠰᠠᠨ ᠪᠠᠶᠢᠨ᠎ᠠ᠃

ᠮᠣᠩᠭᠣᠯ ᠤᠯᠤᠰ ᠤᠨ ᠵᠠᠰᠠᠭ ᠤᠨ ᠭᠠᠵᠠᠷ ᠤᠨ ᠰᠢᠢᠳᠪᠦᠷᠢ ᠪᠡᠷ (ᠬᠣᠯᠪᠣᠭ᠎ᠠ᠂ ᠮᠡᠳᠡᠭᠡᠯᠡᠯ᠂ ᠬᠢᠨᠠᠯᠲᠠ᠂ ᠰᠢᠭᠤᠷᠬᠠᠢ ᠤᠳᠤᠷᠢᠳᠤᠯᠭ᠎ᠠ ᠶᠢᠨ ᠨᠢᠭᠡᠳᠦᠭᠰᠡᠨ ᠰᠢᠰᠲ᠋ᠧᠮ) ᠲᠥᠰᠦᠯ ᠢ ᠠᠮᠵᠢᠯᠲᠠ ᠲᠠᠢ ᠬᠡᠷᠡᠭᠵᠢᠭᠦᠯᠦᠭᠰᠡᠨ ᠢᠶᠡᠷ (ᠮᠡᠳᠡᠭᠡᠯᠡᠯ᠂ ᠰᠢᠭᠤᠷᠬᠠᠢ ᠤᠳᠤᠷᠢᠳᠤᠯᠭ᠎ᠠ ᠶᠢᠨ ᠲᠥᠪ) ᠍ ᠢ ᠰᠢᠨ᠎ᠡ ᠪᠡᠷ ᠪᠠᠶᠢᠭᠤᠯᠪᠠ᠃ ᠢᠩᠭᠢᠭᠰᠡᠨ ᠢᠶᠡᠷ ᠢᠷᠭᠡᠳ ᠦᠨ ᠠᠮᠤᠭᠤᠯᠠᠩ ᠲᠠᠶᠢᠪᠤᠩ᠂ ᠠᠶᠤᠯ ᠦᠭᠡᠢ ᠠᠮᠢᠳᠤᠷᠠᠬᠤ ᠳᠤ ᠴᠠᠭᠳᠠᠭ᠎ᠠ᠂ ᠣᠨᠴᠠᠭᠠᠢ ᠪᠠᠶᠢᠳᠠᠯ᠂ ᠡᠮᠨᠡᠯᠭᠡ ᠶᠢᠨ ᠠᠵᠢᠯ᠂ ᠦᠢᠯᠡᠴᠢᠯᠡᠭᠡ᠂ ᠲᠤᠰᠠᠯᠠᠮᠵᠢ ᠶᠢ ᠮᠡᠳᠡᠭᠡᠯᠡᠯ ᠦᠨ ᠨᠢᠭᠡᠳᠦᠭᠰᠡᠨ ᠰᠦᠯᠵᠢᠶ᠎ᠡ ᠪᠡᠷ ᠰᠢᠭᠤᠷᠬᠠᠢ ᠬᠦᠯᠢᠶᠡᠨ ᠠᠪᠴᠤ ᠦᠢᠯᠡᠴᠢᠯᠡᠬᠦ ᠡᠴᠡ ᠭᠠᠳᠠᠨ᠎ᠠ ᠨᠡᠶᠢᠰᠯᠡᠯ ᠬᠣᠲᠠ ᠶᠢᠨ ᠲᠣᠮᠣᠬᠠᠨ ᠵᠠᠮ᠂ ᠭᠤᠳᠤᠮᠵᠢ᠂ ᠲᠠᠯᠠᠪᠠᠢ᠂ ᠦᠢᠯᠡᠴᠢᠯᠡᠭᠡᠨ ᠦ ᠭᠠᠵᠠᠷ ᠢ ᠺᠠᠮᠧᠷ ᠤᠨ ᠬᠢᠨᠠᠯᠲᠠ ᠳᠤ ᠤᠷᠤᠭᠤᠯᠪᠠ᠃
266

edits