Улаанбаатар

Wikibilig-с
(ᠤᠯᠠᠭᠠᠨᠪᠠᠭᠠᠲᠤᠷ-с чиглүүлэгдэв)ᠤᠯᠠᠭᠠᠨᠪᠠᠭᠠᠲᠤᠷ ᠬᠣᠲᠠ ᠪᠣᠯ ᠮᠣᠩᠭᠣᠯ ᠤᠯᠤᠰ ᠊ᠤᠨ ᠨᠡᠢᠢᠰᠯᠡᠯ᠃

ᠬᠦᠮᠦᠨ ᠠᠮᠠ ّ1500000᠃

ᠤᠯᠠᠭᠠᠨᠪᠠᠭᠠᠲᠤᠷ ᠬᠣᠲᠠ ᠳᠠᠯᠠᠢ ᠢᠢᠨ ᠲᠦᠪᠰᠢᠨ ᠡᠴᠡ ᠳᠡᠭᠡᠭᠰᠢ 1350 ᠮᠧᠲ᠋ᠷ ᠲᠦ ᠣᠷᠣᠰᠢᠳᠠᠭ᠃

ᠤᠯᠠᠭᠠᠨᠪᠠᠭᠠᠲᠤᠷ ᠬᠣᠲᠠ ᠮᠣᠩᠭᠣᠯ ᠤᠯᠤᠰ ᠤᠨ ᠦᠨᠳᠦᠰᠦᠨ ᠬᠠᠤᠯᠢ ᠶᠢᠨ ᠳᠠᠭᠠᠤ ᠤᠯᠤᠰ ᠤᠨ ᠨᠡᠢᠢᠰᠯᠡᠯ ᠪᠥᠭᠡᠳ ᠬᠠᠤᠯᠢ ᠪᠠᠷ ᠲᠤᠰᠬᠠᠢᠢᠯᠠᠨ ᠣᠯᠭᠤᠭᠰᠠᠨ ᠣᠨᠴᠠᠯᠢᠭ ᠴᠢᠭ ᠡᠭᠦᠷᠭᠡ᠂ ᠥᠪᠡᠷ ᠦᠨ ᠤᠳᠤᠷᠢᠳᠤᠯᠭ᠎ᠠ ᠪᠦᠬᠦᠢ ᠵᠠᠰᠠᠭ ᠵᠠᠬᠢᠷᠭ᠎ᠠ᠂ ᠨᠤᠲᠤᠭ ᠳᠡᠪᠢᠰᠬᠡᠷ᠂ ᠡᠳ᠋ ᠍ ᠦᠨ ᠵᠠᠰᠠᠭ᠂ ᠨᠡᠢᠢᠭᠡᠮ ᠤᠨ ᠴᠣᠭᠴᠠᠯᠠᠪᠤᠷᠢ ᠪᠥᠭᠡᠳ ᠲᠤᠰᠬᠠᠢ ᠰᠲ᠋ᠠᠲ᠋ᠦ᠋ᠰ ᠪᠦᠬᠦᠢ ᠬᠣᠲᠠ ᠶᠤᠮ᠃

ꡝꡟ ꡙ ꡂꡋ ꡎ ꡂ ꡉꡟꡘ ᠃

ᠪᠡᠯᠭᠡᠳᠡᠯ[засварлах | кодоор засварлах]


ᠡᠷᠬᠡ ᠴᠢᠯᠦᠭᠡᠨ ‍ᠦ ᠥᠯᠦᠭᠡᠶ

ᠨᠡᠢᠢᠰᠯᠡᠯ ᠤᠯᠠᠭᠠᠨᠪᠠᠭᠠᠲᠤᠷ ᠬᠣᠲᠠ ᠬᠠᠤᠯᠢ ᠶᠣᠰᠣᠨ ᠤ ︿ᠬᠠᠨ ᠭᠠᠷᠤᠳᠢ﹀ᠰᠦᠯᠳᠡ ᠲᠡᠮᠳᠡᠭ᠂ ᠥᠪᠡᠷ ᠦᠨ ᠲᠤᠭ ᠲᠠᠢ᠃

ᠨᠡᠢᠢᠰᠯᠡᠯ ᠨᠢ ᠮᠥᠷᠦᠪᠴᠢᠲᠤ ᠳᠤᠭᠤᠢ ᠳᠦᠷᠰᠦ ᠢᠢᠨ ᠲᠥᠪ ᠲᠦ ᠪᠠᠢᠢᠷᠢᠯᠠᠭᠰᠠᠨ ᠪᠣᠭᠳᠠ ᠬᠠᠨ ᠠᠭᠤᠯᠠ ᠢᠢᠨ ᠤᠯᠠᠮᠵᠢᠯᠠᠯᠲᠤ ᠰᠢᠲᠦᠭᠡᠨ ᠬᠠᠨ ᠭᠠᠷᠤᠳᠢ ᠪᠦᠬᠦᠢ ᠰᠦᠯᠳᠡ ᠲᠡᠮᠳᠡᠭ ᠲᠡᠢ᠃

ᠨᠡᠢᠢᠰᠯᠡᠯ ᠦᠨ ᠰᠦᠯᠳᠡ ᠲᠡᠮᠳᠡᠭ ᠬᠠᠨ ᠭᠠᠷᠤᠳᠢ ᠨᠢ ᠮᠠᠩᠨᠠᠢ ᠳᠠᠭᠠᠨ ᠲᠥᠷᠥᠳᠦ ᠶᠣᠰᠣ᠂ ᠡᠷᠳᠡᠮ ᠮᠡᠳᠡᠯᠭᠡ ᠶᠢᠨ ᠪᠡᠯᠭᠡᠳᠡᠯ ᠰᠣᠶᠤᠩᠪᠤ ᠲᠠᠢ᠃

ᠪᠠᠷᠠᠭᠤᠨ ᠭᠠᠷ  ᠲᠠᠭᠠᠨ ᠲᠦᠮᠡᠨ ᠣᠯᠠᠨ ᠳ᠋ᠠᠭᠠᠨ ᠡᠭᠦᠳᠡ ᠬᠠᠭᠠᠯᠭ᠎ᠠ ᠪᠠᠨ ᠴᠡᠯᠭᠡᠷ ᠰᠠᠢᠢᠬᠠᠨ ᠢᠢᠠᠷ ᠨᠡᠭᠡᠭᠡᠵᠦ ᠥᠭᠡᠳᠡᠯᠡᠨ ᠳᠡᠪᠰᠢᠬᠦ ᠶᠢᠨ ᠰᠠᠨᠠᠭ᠎ᠠ ᠶᠢ ᠢᠯᠡᠷᠬᠡᠢᠢᠯᠡᠭᠰᠡᠨ ᠸᠴᠢᠷ ᠪᠠᠷᠢᠭᠤᠯᠲᠤ ᠲᠦᠯᠬᠢᠭᠦᠷ ᠲᠡᠢ᠃

ᠵᠡᠭᠦᠨ ᠭᠠᠷ  ᠲᠠᠭᠠᠨ ᠡᠨᠡᠯᠦᠨ ᠦᠭᠡᠢ ᠠᠷᠢᠭᠤᠨ ᠲᠡᠭᠰᠢ ᠣᠷᠣᠰᠢᠬᠤᠢ ᠶᠢᠨ ᠪᠠᠲᠤᠯᠠᠭ᠎ᠠ ᠪᠠᠳᠮ᠎ᠠ ᠴᠡᠴᠡᠭ ᠢ ᠨᠠᠨᠳᠢᠩᠨᠠᠨ ᠪᠠᠷᠢᠵᠡᠢ᠃

ᠮᠣᠭᠠᠢ ᠶ᠋ᠢ ᠭᠢᠰᠬᠢᠨ ᠵᠣᠭᠰᠣᠵᠤ ᠪᠤᠢ  ᠶ᠋ᠢᠠᠷ ᠠᠯᠢᠪᠠ ᠬᠣᠣᠷ ᠤᠨ ᠦᠨᠳᠦᠰᠦ ᠶᠢ ᠡᠭᠡᠨᠡᠭᠲᠡ ᠤᠰᠠᠳᠬᠠᠨ ᠳᠠᠷᠤᠬᠤ ᠰᠠᠨᠠᠭ᠎ᠠ ᠶᠢ ᠢᠯᠡᠷᠬᠡᠢᠢᠯᠡᠭᠰᠡᠨ ᠪᠠᠢᠢᠨ᠎ᠠ᠃

ᠬᠠᠨ ᠭᠠᠷᠤᠳᠢ ᠨᠢ ᠪᠠᠲᠤ ᠲᠦᠪᠰᠢᠨ ᠡᠷᠡᠮᠡᠭᠡᠢ ᠪᠠᠢᠢᠳᠠᠯ ᠢ ᠢᠯᠡᠷᠬᠡᠢᠢᠯᠡᠵᠦ ᠨᠡᠢᠢᠰᠯᠡᠯ ᠬᠣᠲᠠ ᠥᠷᠭᠡᠵᠢᠵᠦ ᠠᠯᠳᠠᠷ ᠨᠡᠷ᠎ᠡ ᠨᠢ ᠲᠢᠪ ᠳᠡᠯᠡᠬᠡᠢ ᠳᠦ ᠮᠠᠨᠳᠤᠨ ᠪᠠᠳᠠᠷᠠᠬᠤ ᠶᠢᠨ ᠤᠳᠬ᠎ᠠ ᠰᠠᠨᠠᠭ᠎ᠠ ᠶᠢ ᠠᠭᠤᠯᠳᠠᠭ᠃

ᠨᠡᠢᠢᠰᠯᠡᠯ ᠦᠨ ᠲᠤᠭ ᠨᠢ ᠮᠥᠩᠬᠡ ᠬᠥᠬᠡ ᠲᠩᠷᠢ ᠶᠢᠨ ᠥᠩᠭᠡᠲᠡᠢ᠂ ᠥᠷᠭᠡᠨ᠂ ᠤᠷᠲᠤ ᠨᠢ 1᠄ 1᠂5  ᠢᠢᠨ ᠬᠠᠷᠢᠴᠠᠭ᠎ᠠ ᠲᠠᠢ᠂ ᠭᠣᠣᠯ ᠳᠤᠨᠢ ᠨᠡᠢᠢᠰᠯᠡᠯ ᠦᠨ ᠰᠦᠯᠳᠡ ᠲᠡᠮᠳᠡᠭ ᠢ ᠴᠠᠭᠠᠨ ᠲᠣᠷᠭ᠎ᠠ ᠪᠠᠷ ᠳᠦᠷᠰᠦᠯᠡᠨ ᠠᠯᠲᠠᠯᠢᠭ ᠮᠥᠩᠭᠥᠨ ᠤᠲᠠᠰᠤ ᠪᠠᠷ ᠵᠡᠭᠡᠭᠯᠡᠨ ᠤᠷᠠᠯᠠᠭᠰᠠᠨ ᠪᠠᠢᠢᠳᠠᠭ᠃

ᠨᠡᠢᠢᠰᠯᠡᠯ ᠦᠨ ᠲᠤᠭ ᠨᠢ ᠨᠡᠢᠢᠰᠯᠡᠯᠴᠦᠳ ᠠᠷᠢᠭᠤᠨ ᠴᠠᠭᠠᠨ ᠰᠡᠳᠬᠢᠯ  ᠢᠢᠠᠷ ᠲᠥᠷᠥᠳᠦ ᠶᠣᠰᠣ ᠪᠠᠨ ᠳᠡᠭᠡᠳᠦᠯᠡᠨ᠂ ᠮᠠᠨᠳᠤᠨ ᠪᠠᠳᠠᠷᠠᠬᠤ ᠶᠢᠨ ᠤᠳᠬ᠎ᠠ ᠰᠠᠨᠠᠭ᠎ᠠ ᠶᠢ ᠪᠦᠬᠦᠯᠢ ᠳᠡᠭᠡᠨ ᠠᠭᠤᠯᠤᠨ᠎ᠠ᠃ᠭᠠᠵᠠᠷ ᠵᠦᠢ ᠶᠢᠨ ᠪᠠᠢᠢᠷᠢᠰᠢᠯ[засварлах | кодоор засварлах]


ᠡᠪᠦᠯ ‍ᠦᠨ ᠨᠡᠢᠢᠰᠯᠡᠯ

ᠤᠯᠠᠭᠠᠨᠪᠠᠭᠠᠲᠤᠷ ᠬᠣᠲᠠ ᠮᠣᠩᠭᠣᠯ ᠣᠷᠣᠨ ᠤ ᠹᠢᠽᠢᠻ ᠭᠠᠵᠠᠷ ᠵᠦᠢ ᠶᠢᠨ ᠮᠤᠵᠢᠯᠠᠯ ᠢᠢᠠᠷ ᠬᠠᠩᠭᠠᠢ ᠬᠡᠨᠲᠡᠢ ᠶᠢᠨ ᠠᠭᠤᠯᠠᠷᠬᠠᠭ ᠶᠡᠬᠡ ᠮᠤᠵᠢ ᠶᠢᠨ ᠬᠡᠰᠡᠭ ᠲᠦ᠂ ᠲᠤᠬᠠᠢᠢᠯᠠᠪᠠᠯ ᠬᠡᠨᠲᠡᠢ ᠶᠢᠨ ᠠᠭᠤᠯᠠᠷᠬᠠᠭ ᠮᠤᠵᠢ ᠶᠢᠨ ᠪᠠᠷᠠᠭᠤᠨ ᠡᠮᠦᠨᠡᠲᠦ ᠰᠢᠪᠲᠤᠷᠭ᠎ᠠ ᠦᠵᠦᠭᠦᠷ ᠲᠦ ᠲᠤᠤᠯᠠ ᠭᠣᠣᠯ ᠤᠨ ᠥᠷᠭᠡᠨ ᠬᠥᠨᠳᠡᠢ᠂ ᠠᠢ ᠰᠠᠪᠠ ᠴᠢᠳᠬᠤᠯ ᠭᠣᠣᠯ ᠤᠳ ᠤᠨ ᠪᠡᠯᠴᠢᠷ ᠲᠦ ᠪᠠᠢᠢᠷᠢᠯᠠᠳᠠᠭ᠃

ᠤᠯᠠᠭᠠᠨᠪᠠᠭᠠᠲᠤᠷ ᠬᠣᠲᠠ ᠳᠠᠯᠠᠢ ᠶᠢᠨ ᠲᠥᠪᠰᠢᠨ ᠡᠴᠡ ᠳᠡᠭᠡᠭᠰᠢ 1350 ᠮᠧᠲ᠋ᠷ ᠥᠨᠳᠥᠷ ᠲᠦ᠂ ᠨᠣᠮᠣᠬᠠᠨ ᠳᠠᠯᠠᠢ ᠠᠴᠠ 1600 ᠣᠷᠴᠢᠮ ᠻᠢᠯᠣᠮᠧᠲ᠋ᠷ ᠠᠯᠤᠰ ᠲᠤ᠂ ᠳᠡᠯᠡᠬᠡᠢ ᠶᠢᠨ ᠡᠻᠸᠠᠲ᠋ᠣᠷ ᠠᠴᠠ ᠬᠣᠢᠢᠰᠢ 5310 ᠻᠢᠯᠣᠮᠧᠲ᠋ᠷ᠂ ᠤᠮᠠᠷᠠᠳᠤ ᠲᠤᠢᠢᠯ ᠠᠴᠠ ᠡᠮᠦᠨᠡᠰᠢ 4690 ᠻᠢᠯᠣᠮᠧᠲ᠋ᠷ ᠵᠠᠢᠢᠲᠠᠢ ᠪᠤᠶᠤ ᠳᠡᠯᠡᠬᠡᠢ ᠶᠢᠨ ᠤᠮᠠᠷᠠᠳᠤ ᠥᠷᠭᠡᠷᠢᠭ ᠦᠨ 47055I᠂ ᠳᠣᠷᠤᠨᠠᠳᠤ ᠤᠷᠲᠤᠷᠢᠭ ᠤᠨ 106055I – ᠍ ᠤᠨ ᠰᠣᠯᠪᠢᠴᠠᠯ ᠳ᠋ᠤ᠂ ᠳᠡᠯᠡᠬᠡᠢ ᠶᠢᠨ ᠴᠠᠭ ᠤᠨ 7 ᠳ᠋ᠤᠭᠠᠷ ᠪᠥᠰᠡ ᠳᠦ᠂ ᠯᠤᠨᠳᠤᠨ ᠬᠣᠲᠠ ᠠᠴᠠ 7 ᠴᠠᠭ 08 ᠮᠢᠨᠦ᠋ᠲ ᠤᠨ ᠵᠥᠷᠢᠶ᠎ᠡ ᠲᠡᠢ ᠣᠷᠣᠰᠢᠵᠤ ᠪᠠᠢᠢᠨ᠎ᠠ᠃

ᠤᠯᠠᠭᠠᠨᠪᠠᠭᠠᠲᠤᠷ ᠬᠣᠲᠠ ᠡᠮᠦᠨᠡᠭᠦᠷ ᠶ᠋ᠢᠠᠨ ᠲᠥᠪ ᠠᠢᠢᠮᠠᠭ ᠤᠨ ᠰᠡᠷᠭᠦᠯᠡᠩ᠂ ᠠᠯᠲᠠᠨᠪᠤᠯᠠᠭ᠂ ᠦᠷᠦᠨ᠎ᠠ ᠪᠠᠷ ᠢᠢᠠᠨ ᠮᠥᠨ ᠠᠢᠢᠮᠠᠭ ᠤᠨ ᠠᠯᠲᠠᠨᠪᠤᠯᠠᠭ᠂ ᠠᠷᠭᠠᠯᠠᠩᠳᠤ᠂ ᠪᠠᠶᠠᠨᠴᠣᠭᠲᠤ᠂ ᠪᠠᠷᠠᠭᠤᠨ ᠤᠮᠠᠷ᠎ᠠ ᠪᠠᠷ ᠢᠢᠠᠨ ᠮᠥᠨ ᠠᠢᠢᠮᠠᠭ ᠤᠨ ᠪᠠᠲᠤᠰᠦ᠋ᠮᠪᠦᠷ᠂ ᠵᠡᠭᠦᠨ ᠤᠮᠠᠷ᠎ᠠ ᠪᠠᠷ᠂ ᠳᠣᠷᠤᠨ᠎ᠠ ᠪᠡᠷ ᠢᠢᠡᠨ ᠮᠥᠨ ᠠᠢᠢᠮᠠᠭ ᠤᠨ ᠪᠠᠲᠤᠰᠦ᠋ᠮᠪᠦᠷ᠂ ᠡᠷᠳᠡᠨᠢ ᠰᠤᠮᠤ ᠲᠠᠢ ᠬᠢᠯᠢᠯᠡᠨ ᠨᠡᠢᠢᠲᠡ 470444 ᠾᠧᠻᠲ᠋ᠠᠷ ᠲᠠᠯᠠᠪᠠᠢ ᠪᠦᠬᠦᠢ ᠨᠤᠲᠤᠭ ᠳᠡᠪᠢᠰᠬᠡᠷ ᠢ ᠡᠵᠡᠯᠡᠳᠡᠭ᠃

ᠨᠡᠢᠢᠰᠯᠡᠯ ᠦᠨ ᠨᠤᠲᠤᠭ ᠳᠡᠪᠢᠰᠬᠡᠷ ᠦᠨ ᠬᠠᠮᠤᠭ ᠤᠨ ᠡᠮᠦᠨ᠎ᠡ ᠵᠠᠬ᠎ᠠ ᠶᠢᠨ ᠴᠡᠭ ᠨᠢ ᠲᠥᠪ ᠠᠢᠢᠮᠠᠭ ᠤᠨ ᠰᠡᠷᠭᠦᠯᠡᠩ ᠰᠤᠮᠤ ᠲᠠᠢ ᠬᠢᠯᠢᠯᠡᠵᠦ ᠪᠠᠢᠢᠭ᠎ᠠ ᠤᠠᠮᠠᠷᠠᠳᠤ ᠥᠷᠭᠡᠷᠢᠭ ᠦᠨ 470 37I 30II᠂ ᠵᠡᠭᠦᠨ ᠤᠷᠲᠤᠷᠢᠭ ᠤᠨ 107018I 54II – ᠍ ᠤᠨ ᠰᠣᠯᠪᠢᠴᠠᠯ ᠳ᠋ᠤ᠂ ᠥᠷᠦᠨ᠎ᠠ ᠵᠠᠬ᠎ᠠ ᠶᠢᠨ ᠴᠡᠭ ᠨᠢ ᠲᠥᠪ ᠠᠢᠢᠮᠠᠭ ᠤᠨ ᠪᠠᠶᠠᠨᠴᠢᠨᠳᠠᠮᠤᠨᠢ᠂ ᠪᠠᠲᠤᠰᠦ᠋ᠮᠪᠦᠷ ᠰᠤᠮᠤ ᠲᠠᠢ ᠬᠢᠯᠢᠯᠡᠵᠦ ᠪᠠᠢᠢᠭ᠎ᠠ ᠳᠣᠷᠤᠨ᠎ᠠ ᠤᠷᠲᠤᠷᠢᠭ ᠤᠨ 107023I12II᠂ ᠤᠮᠠᠷᠠᠳᠤ ᠥᠷᠭᠡᠷᠢᠭ ᠦᠨ 48016I42II– ᠍ ᠤᠨ ᠰᠣᠯᠪᠢᠴᠠᠯ ᠳ᠋ᠤ᠂ ᠤᠮᠠᠷᠠᠳᠤ ᠵᠠᠬ᠎ᠠ ᠶᠢᠨ ᠴᠡᠭ ᠨᠢ ᠲᠥᠪ ᠠᠢᠢᠮᠠᠭ ᠤᠨ ᠪᠠᠲᠤᠰᠦ᠋ᠮᠪᠦᠷ ᠰᠤᠮᠤ ᠲᠠᠢ ᠬᠢᠯᠢᠯᠡᠵᠦ ᠪᠠᠢᠢᠭ᠎ᠠ ᠤᠮᠠᠷᠠᠳᠤ ᠥᠷᠭᠡᠷᠢᠭ ᠦᠨ 48016I00II᠂ ᠵᠡᠭᠦᠨ ᠤᠷᠲᠤᠷᠢᠭ ᠤᠨ 106027I – ᠍ ᠤᠨ ᠰᠣᠯᠪᠢᠴᠠᠯ ᠋ᠳ᠋ᠤ᠂ ᠵᠡᠭᠦᠨ ᠵᠠᠬ᠎ᠠ ᠶᠢᠨ ᠴᠡᠭ ᠨᠢ ᠲᠥᠪ ᠠᠢᠢᠮᠠᠭ ᠤᠨ ᠡᠷᠳᠡᠨᠢ ᠰᠤᠮᠤ ᠲᠠᠢ ᠬᠢᠯᠢᠯᠡᠵᠦ ᠪᠠᠢᠢᠭ᠎ᠠ ᠵᠡᠭᠦᠨ ᠤᠷᠲᠤᠷᠢᠭ ᠤᠨ 107037I24II᠂ ᠤᠮᠠᠷᠠᠳᠤ ᠥᠷᠭᠡᠷᠢᠭ ᠦᠨ 47053I – ᠍ ᠤᠨ ᠰᠣᠯᠪᠢᠴᠠᠯ ᠌ᠳ᠋ᠤ ᠣᠷᠣᠰᠢᠨ᠎ᠠ᠃

ᠤᠯᠠᠭᠠᠨᠪᠠᠭᠠᠲᠤᠷ ᠬᠣᠲᠠ ᠶᠢᠨ ᠶᠡᠬᠡ ᠡᠵᠡᠨ ᠴᠢᠩᠭᠢᠰ ᠬᠠᠭᠠᠨ ᠤ ᠨᠡᠷᠡᠮᠵᠢᠲᠦ ᠲᠠᠯᠠᠪᠠᠢ ᠶᠢᠨ ᠪᠠᠷᠠᠭᠤᠨ ᠤᠷᠢᠳᠤ ᠵᠠᠬ᠎ᠠ ᠳᠤ ᠮᠣᠩᠭᠣᠯ ᠤᠯᠤᠰ ᠤᠨ ᠠᠦ᠋ᠲ᠋ᠤᠵᠠᠮ ᠤᠨ ᠰᠦᠯᠵᠢᠶᠡᠨ ᠦ ᠡᠬᠢᠯᠡᠬᠦ 00 ᠴᠡᠭ ᠦᠨ ᠲᠡᠮᠳᠡᠭ ᠪᠠᠭᠠᠨ᠎ᠠ ᠣᠷᠣᠰᠢᠳᠠᠭ᠃

ᠤᠯᠠᠭᠠᠨᠪᠠᠭᠠᠲᠤᠷ ᠬᠣᠲᠠ ᠶᠢᠨ ᠨᠤᠲᠤᠭ ᠤᠨ ᠬᠦᠢᠰᠦ ᠪᠤᠶᠤ ᠲᠥᠪ ᠴᠡᠭ ᠢ ᠳᠡᠭᠡᠷ᠎ᠡ ᠳᠤᠷᠠᠳᠤᠭᠰᠠᠨ ᠵᠠᠬ᠎ᠠ ᠶᠢᠨ ᠴᠡᠭ ᠤᠳ ᠢᠢᠠᠷ ᠬᠥᠭᠡᠭᠡᠵᠦ ᠪᠣᠳᠣᠪᠠᠯ ᠤᠮᠠᠷᠠᠳᠤ ᠥᠷᠭᠡᠷᠢᠭ ᠦᠨ 47056I 45II᠂ ᠵᠡᠭᠦᠨ ᠤᠷᠲᠤᠷᠢᠭ ᠤᠨ 107000I 18II – ᠍ ᠤᠨ ᠰᠣᠯᠪᠢᠴᠠᠯ ᠋ᠳ᠋ᠤ ᠪᠤᠶᠤ ᠰᠢᠷᠬᠠᠲᠠᠨ ᠤ ᠬᠢᠰᠠᠭᠠᠨ ᠠᠴᠠ ᠪᠠᠷᠠᠭᠤᠨ ᠬᠣᠢᠢᠰᠢ 1.8 ᠻᠢᠯᠣᠮᠧᠲ᠋ᠷ ᠵᠠᠢᠢᠲᠠᠢ ᠠᠭᠤᠯᠠ ᠢᠢᠨ ᠨᠢᠭᠡ ᠣᠷᠣᠢ ᠶᠢᠨ ᠵᠡᠭᠦᠨ ᠬᠠᠵᠠᠭᠤ ᠳᠤ ᠣᠷᠣᠰᠢᠵᠤ ᠪᠠᠢᠢᠨ᠎ᠠ᠃

ᠬᠠᠷᠢᠨ ᠤᠯᠠᠭᠠᠨᠪᠠᠭᠠᠲᠤᠷ ᠶᠡᠬᠡ ᠬᠣᠲᠠ ᠶᠢᠨ ᠲᠥᠪ ᠴᠡᠭ ᠬᠦᠢᠰᠦ ᠵᠢ ᠶᠡᠬᠡ ᠡᠵᠡᠨ ᠴᠢᠩᠭᠢᠰ ᠬᠠᠭᠠᠨ ᠤ ᠨᠡᠷᠡᠮᠵᠢᠲᠦ ᠲᠠᠯᠠᠪᠠᠢ ᠳᠤ ᠤᠮᠠᠷᠠᠳᠤ ᠥᠷᠭᠡᠷᠢᠭ ᠦᠨ 47055I 07II᠂ ᠵᠡᠭᠦᠨ ᠤᠷᠲᠤᠷᠢᠭ ᠤᠨ 106055I 04II – ᠍ ᠤᠨ ᠰᠣᠯᠪᠢᠴᠠᠯ ᠳ᠋ᠤ ᠳᠠᠯᠠᠢ ᠶᠢᠨ ᠲᠥᠪᠰᠢᠨ ᠡᠴᠡ 1300 ᠮᠧᠲ᠋ᠷ ᠥᠨᠳᠥᠷ ᠲᠦ ᠲᠠᠯᠪᠢᠭᠰᠠᠨ ᠲᠥᠪ ᠴᠡᠭ ᠦᠨ ᠲᠡᠮᠳᠡᠭ  ᠢᠢᠠᠷ ᠲᠣᠭᠠᠴᠠᠵᠤ ᠪᠣᠯᠬᠤ ᠶᠤᠮ᠃

ᠤᠯᠠᠭᠠᠨᠪᠠᠭᠠᠲᠤᠷ ᠬᠣᠲᠠ ᠶᠢᠨ ᠡᠮᠦᠨᠡᠭᠦᠷ ᠤᠷᠤᠰᠢᠬᠤ ᠪᠣᠭᠳᠠ ᠬᠠᠨ ᠠᠭᠤᠯᠠ ᠨᠢ ᠵᠡᠭᠦᠨ ᠡᠴᠡ ᠪᠠᠷᠠᠭᠤᠨ ᠲᠡᠰᠢ ᠴᠢᠭᠯᠡᠭᠰᠡᠨ 40 ᠣᠷᠴᠢᠮ ᠻᠮ ᠦᠷᠭᠦᠯᠵᠢᠯᠡᠭᠰᠡᠨ ᠨᠢᠷᠤᠭᠤ ᠶᠤᠮ᠃

ᠪᠣᠭᠳᠠ ᠬᠠᠨ ᠠᠭᠤᠯᠠ ᠶᠢᠨ ᠬᠠᠮᠤᠭ ᠤᠨ ᠥᠨᠳᠥᠷ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ 2268 ᠮᠧᠲ᠋ᠷ ᠥᠨᠳᠥᠷ ᠲᠦ ᠡᠷᠭᠦᠭᠳᠡᠭᠰᠡᠨ ᠴᠡᠴᠡ ᠭᠦᠨ᠂ 2256 ᠮᠧᠲ᠋ᠷ ᠥᠨᠳᠥᠷ ᠲᠦ ᠤᠷᠤᠰᠢᠬᠤ ᠲᠦᠰᠢᠶ᠎ᠡ ᠭᠦᠨ ᠬᠡᠮᠡᠬᠦ ᠣᠷᠭᠢᠯ ᠤᠳ ᠪᠣᠯᠤᠨ᠎ᠠ᠃

ᠶᠡᠷᠦᠨᠢ ᠪᠣᠭᠳᠠ ᠬᠠᠨ ᠠᠭᠤᠯᠠᠨ ᠳᠤ 2000 ᠮᠧᠲ᠋ᠷ ᠡᠴᠡ ᠳᠡᠭᠡᠭᠰᠢ ᠡᠷᠭᠦᠭᠳᠡᠭᠰᠡᠨ ᠡᠷᠲᠡᠨ ᠦ ᠲᠡᠭᠰᠢᠷᠡᠯ ᠦᠨ ᠭᠠᠳᠠᠷᠭᠤ ᠭᠣᠣᠯᠯᠠᠨ᠎ᠠ᠃

ᠶᠡᠬᠡ ᠲᠩᠷᠢ ᠶᠢᠨ ᠠᠮᠠᠨ ᠳᠤ ᠪᠠᠢᠢᠭ᠎ᠠ ᠬᠠᠳᠠᠨ ᠤ ᠰᠦᠭ ᠵᠢᠷᠤᠭ ᠲᠡᠷᠢᠭᠦᠲᠡᠨ ᠢ ᠦᠵᠡᠬᠦ ᠳᠦ ᠯᠠᠪᠲᠠᠢ᠎ᠠ ᠠᠯᠢ ᠬᠦᠷᠡᠯ ᠵᠡᠪᠰᠡᠭ ᠦᠨ ᠦᠶᠡᠰ ᠡᠨᠡ ᠠᠭᠤᠯᠠᠨ ᠳᠤ ᠬᠦᠮᠦᠨ ᠰᠠᠭᠤᠷᠢᠰᠢᠵᠤ ᠪᠠᠢᠢᠭᠰᠠᠨ ᠤᠯᠠ ᠮᠥᠷ ᠪᠠᠢᠢᠳᠠᠭ᠃

ᠪᠣᠭᠳᠠ ᠬᠠᠨ ᠠᠭᠤᠯᠠ ᠡᠷᠲᠡᠨ ᠡᠴᠡ ᠪᠥᠭᠡ ᠮᠥᠷᠭᠥᠯ ᠦᠨ ᠰᠢᠲᠦᠭᠡᠨ᠂ ᠲᠠᠢᠢᠯᠭ᠎ᠠ ᠲᠠᠬᠢᠯᠭ᠎ᠠ ᠶᠢᠨ ᠭᠠᠵᠠᠷ ᠪᠠᠢᠢᠭᠰᠠᠨ ᠪᠥᠭᠡᠳ 13 ᠍ ᠳᠤᠭᠠᠷ ᠵᠠᠭᠤᠨ ᠤ ᠦᠶᠡᠰ ᠬᠡᠷᠡᠢᠢᠳ ᠦᠨ ᠬᠠᠨ ᠲᠤᠤᠯᠠ ᠶᠢᠨ ᠬᠠᠷ᠎ᠠ ᠰᠢᠭᠤᠢ ᠳᠤ ᠨᠤᠲᠤᠭᠯᠠᠵᠤ ᠪᠠᠢᠢᠬᠤ ᠳᠠᠭᠠᠨ ᠬᠠᠨ ᠠᠭᠤᠯᠠᠨ ᠳᠤ ᠠᠩ ᠬᠦᠷᠦᠭᠡ ᠬᠢᠬᠦ᠂ ᠭᠠᠯ ᠬᠥᠰ ᠲᠦᠯᠡᠬᠦ ᠶᠢ ᠬᠣᠷᠢᠭᠯᠠᠳᠠᠭ ᠪᠠᠢᠢᠵᠡᠢ᠃

ᠪᠣᠭᠳᠠ ᠬᠠᠨ ᠠᠭᠤᠯᠠ ᠶᠢ 1778 ᠣᠨ ᠳᠤ ᠳᠠᠷᠬᠠᠯᠠᠭᠰᠠᠨ ᠨᠢ ᠳᠡᠯᠡᠬᠡᠢ ᠶᠢᠨ ᠠᠩᠬᠠᠨ ᠤ ᠳᠠᠷᠬᠠᠨ ᠴᠠᠭᠠᠵᠠᠲᠠᠢ ᠠᠭᠤᠯᠠ ᠪᠣᠯᠵᠠᠢ᠃

ᠮᠠᠨᠵᠤ ᠶᠢᠨ ᠬᠠᠭᠠᠨ ᠲᠩᠷᠢ ᠶᠢ ᠲᠡᠳᠬᠦᠭᠰᠡᠨ ᠦ 43 ᠳᠤᠭᠠᠷ ᠣᠨ ᠪᠤᠶᠤ ᠨᠡᠢᠢᠲᠡ ᠶᠢᠨ ᠲᠣᠭᠠᠯᠠᠯ ᠤᠨ 1778 ᠣᠨ ᠳᠤ ᠶᠡᠬᠡ ᠬᠦᠷᠢᠶᠡᠨ ᠦ ᠰᠠᠢᠢᠳ ᠸᠠᠩ ᠶᠦᠩᠳᠦᠩᠳᠣᠷᠵᠢ᠂ ᠬᠠᠷᠢᠶ᠎ᠠ ᠲᠦᠰᠢᠮᠡᠯ ᠰᠠᠩᠵᠠᠳᠣᠷᠵᠢ ᠨᠠᠷ ᠤᠨ ᠠᠢᠢᠯᠠᠳᠬᠠᠯ ᠪᠢᠴᠢᠭ ᠢᠢᠠᠷ ᠪᠣᠭᠳᠠ ᠬᠠᠨ ᠠᠭᠤᠯᠠ ᠶᠢ ᠵᠠᠷᠯᠢᠭ  ᠢᠢᠠᠷ ᠲᠠᠬᠢᠵᠤ ᠪᠠᠢᠢᠬᠤ ᠪᠣᠯᠤᠭᠰᠠᠨ ᠪᠠᠢᠢᠨ᠎ᠠ᠃

ᠡᠨᠡ ᠠᠭᠤᠯᠠ ᠶᠢᠨ ᠬᠣᠶᠠᠷ ᠨᠣᠶᠠᠨ ᠣᠷᠭᠢᠯ ᠳᠤ ᠴᠡᠴᠡ ᠭᠦᠨ᠂ ᠲᠦᠰᠢᠶ᠎ᠡ ᠭᠦᠨ ᠭᠡᠰᠡᠨ ᠴᠣᠯᠠ ᠣᠯᠭᠤᠵᠤ᠂ ᠵᠢᠯ ᠪᠦᠷᠢ ᠤᠯᠤᠰ ᠤᠨ ᠰᠠᠩ ᠠᠴᠠ ᠴᠠᠯᠢᠩ ᠹᠦᠩᠯᠦ ᠣᠯᠭᠤᠳᠠᠭ ᠪᠠᠢᠢᠵᠡᠢ᠃

ᠪᠣᠭᠳᠠ ᠬᠠᠨ ᠠᠭᠤᠯᠠᠨ ᠳᠤ ᠲᠥᠮᠡᠨ ᠢ ᠲᠡᠳᠬᠦᠭᠴᠢ ᠴᠠᠭᠠᠨ ᠯᠠᠪᠠᠢ ᠳᠦᠨᠵᠢᠩᠭᠠᠷᠪᠣ ᠭᠡᠳᠡᠭ ᠨᠡᠷ᠎ᠡ ᠶᠢ ᠥᠭᠴᠦ᠂ ᠪᠣᠭᠳᠠ ᠠᠭᠤᠯᠠ ᠶᠢᠨ ᠪᠠᠷ᠎ᠠ ᠬᠠᠷᠠᠭᠳᠠᠬᠤ ᠭᠠᠵᠠᠷ ᠬᠦᠮᠦᠨ ᠴᠠᠭᠠᠵᠠ ᠪᠠᠷ ᠠᠪᠳᠠᠭ ᠦᠭᠡᠢ ᠪᠠᠢᠢᠭᠰᠠᠨ ᠭᠡᠳᠡᠭ᠃

ᠲᠩᠷᠢ ᠶᠢ ᠲᠡᠳᠬᠦᠭᠴᠢ ᠬᠠᠭᠠᠨ ᠤ ᠵᠠᠷᠯᠢᠭ ᠭᠠᠷᠤᠭᠰᠠᠨ ᠤ ᠳᠠᠷᠠᠭ᠎ᠠ ᠠᠴᠠ 1779 ᠣᠨ ᠤ ᠰᠢᠷᠠᠭᠴᠢᠨ ᠭᠠᠬᠠᠢ ᠵᠢᠯ ᠬᠠᠯᠬ᠎ᠠ ᠳᠥᠷᠪᠡᠨ ᠠᠢᠢᠮᠠᠭ᠂ ᠱᠠᠪᠢ ᠲᠠᠪᠤ ᠪᠠᠷ ᠢᠢᠠᠨ ᠨᠡᠢᠢᠯᠡᠨ ᠲᠠᠬᠢᠭᠰᠠᠨ ᠠᠴᠠ ᠬᠣᠢᠢᠰᠢ ᠵᠠᠷᠯᠢᠭ ᠢᠢᠠᠷ ᠵᠢᠯ ᠳᠦ ᠬᠣᠶᠠᠷ ᠤᠳᠠᠭ᠎ᠠ ᠵᠤᠨ᠂ ᠨᠠᠮᠤᠷ ᠲᠤ ᠲᠠᠬᠢᠳᠠᠭ ᠪᠣᠯᠤᠭᠰᠠᠨ ᠭᠡᠳᠡᠭ᠃

1921 ᠣᠨ ᠠᠴᠠ ᠬᠣᠢᠢᠰᠢᠬᠢ ᠵᠢᠯ ᠦᠳ ᠲᠦ ᠬᠠᠨ ᠠᠭᠤᠯᠠ ᠶᠢᠨ ᠲᠠᠬᠢᠯᠭ᠎ᠠ ᠲᠠᠰᠤᠯᠳᠠᠭᠰᠠᠨ ᠪᠠᠢᠢᠭᠰᠠᠨ ᠴᠤ 1995 ᠣᠨ ᠳᠤ ᠤᠯᠠᠭᠠᠨᠪᠠᠭᠠᠲᠤᠷ ᠬᠣᠲᠠ ᠡᠭᠦᠰᠬᠡᠨ ᠪᠠᠶᠢᠭᠤᠯᠤᠭᠳᠠᠰᠤᠨ ᠤ 365 ᠵᠢᠯ ᠦᠨ ᠣᠢ ᠪᠠᠷ ᠴᠡᠴᠡ ᠭᠦᠨ ᠦ ᠣᠷᠭᠢᠯ ᠢ ᠲᠠᠬᠢᠵᠤ᠂ 1995 ᠣᠨ ᠳᠤ ᠮᠣᠩᠭᠣᠯ ᠤᠯᠤᠰ ᠤᠨ ᠶᠡᠷᠦᠩᠬᠡᠢᠢᠯᠡᠭᠴᠢ ᠫ᠂ ᠸᠴᠢᠷᠪᠠᠲᠤ ᠪᠣᠭᠳᠠ ᠬᠠᠨ ᠠᠭᠤᠯᠠ ᠶᠢ ᠲᠠᠬᠢᠬᠤ ᠰᠠᠨᠠᠭᠠᠴᠢᠯᠭ᠎ᠠ ᠶᠢ ᠳᠡᠮᠵᠢᠭᠰᠡᠨ ᠵᠠᠷᠯᠢᠭ ᠭᠠᠷᠭᠠᠭᠰᠠᠨ ᠶᠤᠮ᠃

ᠪᠣᠭᠳᠠ ᠬᠠᠨ ᠠᠭᠤᠯᠠ ᠶᠢ ᠮᠣᠩᠭᠣᠯ ᠤᠨ ᠶᠡᠬᠡ ᠲᠠᠬᠢᠯᠭ᠎ᠠ ᠲᠠᠢ ᠠᠭᠤᠯᠠ ᠢᠢᠨ ᠬᠢᠨᠢ ᠬᠤᠪᠢ ᠳᠤ United Nations Educational Scientific and Cultural Organization 〈ᠳᠡᠯᠡᠬᠡᠢ ᠶᠢᠨ ᠭᠠᠢᠢᠬᠠᠮᠰᠢᠭᠲᠤ ᠦᠨᠡᠲᠦ ᠵᠦᠢᠯ ᠪᠣᠯᠬᠤ ᠨᠢ〉 ᠵᠡᠷᠭᠡᠯᠡᠯ ᠢᠢᠠᠷ ᠦᠨᠡᠯᠡᠨ ᠳᠡᠯᠡᠬᠡᠢ ᠶᠢᠨ ᠪᠠᠢᠢᠭᠠᠯᠢ ᠢᠢᠨ ᠥᠪ ᠭᠡᠵᠦ 〈ᠳᠡᠯᠡᠬᠡᠢ ᠶᠢᠨ ᠬᠦᠮᠦᠨ ᠪᠠ ᠰᠢᠮ᠎ᠡ ᠮᠠᠨᠳᠠᠯ ᠤᠨ ᠨᠥᠭᠡᠴᠡ ᠭᠠᠵᠠᠷ ᠤᠨ ᠰᠦᠯᠵᠢᠶ᠎ᠡ〉 ᠳ᠋ᠦ 1996 ᠣᠨ ᠳᠤ ᠪᠦᠷᠢᠳᠬᠡᠨ ᠠᠪᠤᠭᠰᠠᠨ᠃

ᠮᠣᠩᠭᠣᠯ ᠤᠯᠤᠰ ᠤᠨ ᠶᠡᠷᠦᠩᠬᠡᠢᠢᠯᠡᠭᠴᠢ ᠶᠢᠨ ᠵᠠᠷᠯᠢᠭ ᠢᠢᠠᠷ 2004 ᠣᠨ ᠠᠴᠠ ᠪᠣᠭᠳᠠ ᠬᠠᠨ ᠠᠭᠤᠯᠠ ᠶᠢ ᠲᠥᠷᠥ ᠶᠢᠨ ᠲᠠᠬᠢᠯᠭ᠎ᠠ ᠲᠠᠢ ᠠᠭᠤᠯᠠᠰ ᠤᠨ ᠨᠢᠭᠡ ᠪᠣᠯᠭᠠᠵᠤ 5 ᠵᠢᠯ ᠳᠦ ᠨᠢᠭᠡ ᠤᠳᠠᠭ᠎ᠠ ᠲᠥᠷᠥ ᠶᠢᠨ ᠲᠠᠬᠢᠯᠭ᠎ᠠ ᠦᠢᠯᠡᠳᠬᠦ ᠪᠣᠯᠪᠠ᠃ ᠰᠠᠨᠰᠠᠷ ᠠᠴᠠ ᠠᠪᠤᠭᠰᠠᠨ ᠵᠢᠷᠤᠭ ᠤᠨ ᠲᠥᠪ ᠲᠦ ᠪᠣᠭᠳᠠ ᠬᠠᠨ ᠠᠭᠤᠯᠠ ᠣᠷᠣᠰᠢᠨ᠎ᠠ᠃

ᠪᠠᠷᠠᠭᠤᠨ ᠤᠮᠠᠷᠠᠳᠤ ᠪᠤᠯᠤᠩ ᠳᠤᠨᠢ ᠤᠯᠠᠭᠠᠨᠪᠠᠭᠠᠲᠤᠷ ᠬᠣᠲᠠ ᠬᠠᠷᠠᠭᠳᠠᠬᠤ ᠪᠥᠭᠡᠳ ᠲᠤᠤᠯᠠ ᠭᠣᠣᠯ ᠬᠣᠲᠠ᠂ ᠠᠭᠤᠯᠠ ᠬᠣᠶᠠᠷ ᠤᠨ ᠬᠣᠭᠣᠷᠣᠨᠳᠣ ᠤᠷᠤᠰᠤᠨ᠎ᠠ᠃

ᠡᠮᠦᠨ᠎ᠡ ᠲᠠᠯ᠎ᠠ ᠳᠤᠨᠢ ᠵᠠᠭᠤᠨᠮᠤᠳᠤ ᠳᠤ᠂ ᠵᠡᠭᠦᠨ ᠲᠠᠯ᠎ᠠ ᠳᠤ ᠨᠢ ᠨᠠᠯᠠᠢᠢᠬᠤ᠂ ᠪᠠᠷᠠᠭᠤᠨ ᠲᠠᠯ᠎ᠠ ᠳᠤ ᠨᠢ ᠴᠢᠩᠭᠢᠰ ᠬᠠᠭᠠᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠪᠠᠢᠢᠷᠢᠯᠠᠳᠠᠭ᠃

ᠬᠡᠨᠲᠡᠢ ᠶᠢᠨ ᠨᠢᠷᠤᠭᠤᠨ ᠤ ᠭᠣᠣᠯᠯᠠᠬᠤ ᠠᠮᠢᠲᠠᠨ ᠤ ᠠᠢᠢᠮᠠᠭ ᠢ ᠪᠦᠷᠢᠳᠦᠭᠦᠯᠦᠭᠴᠢ ᠬᠥᠬᠥᠲᠡᠨ ᠠᠮᠢᠲᠠᠳ ᠤᠨ ᠨᠤᠲᠤᠭᠰᠢᠯ ᠤᠨ ᠬᠠᠮᠤᠭ ᠤᠨ ᠤᠷᠢᠳᠤ ᠬᠢᠯᠢ ᠨᠢ ᠪᠣᠭᠳᠠ ᠬᠠᠨ ᠠᠭᠤᠯᠠ ᠪᠣᠯᠤᠨ᠎ᠠ᠃

ᠲᠠᠷᠪᠠᠭ᠎ᠠ᠂ ᠵᠤᠷᠠᠮ᠎ᠠ᠂ ᠵᠠᠷᠠᠭ᠎ᠠ᠂ ᠮᠠᠨᠤᠤᠯ᠂ ᠪᠤᠯᠠᠭ᠎ᠠ᠂ ᠰᠢᠯᠦᠭᠦᠰᠦ᠂ ᠪᠤᠭᠤ᠂ ᠪᠣᠷᠣ ᠭᠥᠷᠦᠭᠡᠰᠦ᠂ ᠠᠷᠭᠠᠯᠢ᠂ ᠶᠠᠩᠭᠢᠷ ᠲᠡᠷᠢᠭᠦᠲᠡᠨ 54 ᠵᠦᠢᠯ ᠦᠨ ᠬᠥᠬᠥᠲᠡᠨ ᠠᠮᠢᠲᠠᠨ ᠪᠦᠷᠢᠳᠬᠡᠭᠳᠡᠭᠰᠡᠨ᠃

ᠵᠢᠭᠦᠷᠲᠡᠨ ᠰᠢᠪᠠᠭᠤᠳ ᠠᠴᠠ ᠪᠥᠲᠥᠨ᠎ᠡ᠂ ᠪᠣᠯᠵᠣᠮᠣᠷ᠂ ᠬᠠᠷᠢᠶᠠᠴᠠᠢ᠂ ᠬᠠᠢᠢᠷᠠᠭᠤᠯᠳᠠᠢ᠂ ᠲᠣᠭᠣᠷᠤᠤ᠂ ᠥᠷᠪᠢᠲᠠᠰ᠂ ᠬᠠᠷᠴᠠᠭ᠎ᠠ᠂ ᠱᠣᠩᠬᠣᠷ᠂ ᠪᠦᠷᠭᠦᠳ ᠵᠡᠷᠭᠡ 194 ᠵᠦᠢᠯ ᠦᠨ ᠰᠢᠪᠠᠭᠤ ᠪᠦᠷᠢᠳᠬᠡᠭᠳᠡᠵᠡᠢ᠃

ᠤᠷᠭᠤᠮᠠᠯ ᠤᠨ ᠠᠢᠢᠮᠠᠭ ᠤᠨ ᠬᠤᠪᠢ ᠳᠤ ᠨᠡᠢᠢᠲᠡ ᠲᠠᠯᠠᠪᠠᠢ ᠶᠢᠨ 55.8 ᠬᠤᠪᠢ ᠵᠢ ᠰᠢᠨᠡᠰᠦ᠂ ᠭᠠᠴᠤᠷ᠎ᠠ᠂ ᠬᠤᠰᠢ᠂ ᠨᠠᠷᠠᠰᠤ᠂ ᠬᠤᠰᠤ᠂ ᠪᠤᠲᠠ ᠰᠥᠭᠡᠭ ᠡᠴᠡ ᠪᠦᠷᠢᠳᠦᠭᠰᠡᠨ ᠣᠢ ᠮᠣᠳᠣ ᠡᠵᠡᠯᠡᠨ᠎ᠡ᠃

ᠠᠭᠤᠯᠠ ᠶᠢᠨ ᠣᠷᠣᠢ ᠶᠢᠨ ᠬᠡᠰᠡᠭ᠂ ᠪᠠᠷᠠᠭᠤᠨ᠂ ᠪᠠᠷᠠᠭᠤᠨ ᠬᠣᠢᠢᠳᠤ ᠲᠠᠯ᠎ᠠ ᠶᠢᠨ ᠵᠠᠷᠢᠮ ᠭᠠᠵᠠᠷ ᠲᠤ ᠬᠤᠰᠢᠨ ᠣᠢ ᠵᠣᠩᠬᠢᠯᠠᠬᠤ ᠪᠣᠯ᠂ ᠪᠠᠷᠠᠭᠤᠨ ᠤᠷᠢᠳᠤ ᠪᠠ ᠡᠮᠦᠨᠡᠲᠦ ᠬᠡᠰᠡᠭ ᠢᠶᠡᠷ ᠭᠠᠴᠤᠷ᠎ᠠ ᠢᠢᠨ ᠣᠢ᠂ ᠪᠠᠷᠠᠭᠤᠨ ᠤᠷᠢᠳᠤ ᠬᠡᠰᠡᠭ ᠢᠢᠠᠷ ᠨᠠᠷᠠᠰᠤᠨ ᠣᠢ᠂ ᠤᠮᠠᠷᠠᠳᠤ ᠪᠠ ᠵᠡᠭᠦᠨ ᠬᠡᠰᠡᠭ ᠢᠢᠠᠷ ᠰᠢᠨᠡᠰᠦᠨ ᠣᠢ ᠵᠣᠩᠬᠢᠯᠠᠨ ᠲᠠᠷᠬᠠᠭᠰᠠᠨ ᠪᠠᠢᠢᠨ᠎ᠠ᠃ ᠡᠨᠳᠡ 70 ᠣᠪᠤᠭ ᠤᠨ᠂ 256 ᠲᠥᠷᠥᠯ ᠦᠨ᠂ 587 ᠵᠦᠢᠯ ᠦᠨ ᠤᠷᠭᠤᠮᠠᠯ ᠤᠷᠭᠤᠳᠠᠭ᠃

ᠤᠯᠠᠭᠠᠨᠪᠠᠭᠠᠲᠤᠷ ᠬᠣᠲᠠ ᠶᠢᠨ ᠨᠤᠲᠤᠭ ᠤᠨ ᠵᠡᠭᠦᠨ ᠤᠷᠢᠳᠤ ᠵᠠᠬ᠎ᠠ ᠳᠤ ᠨᠠᠯᠠᠢᠢᠬᠤ ᠠᠴᠠ ᠵᠡᠭᠦᠨ ᠤᠷᠤᠭᠰᠢ ᠬᠡᠨᠲᠡᠢ ᠶᠢᠨ ᠨᠢᠷᠤᠭᠤᠨ ᠤ ᠪᠠᠷᠠᠭᠤᠨ ᠤᠷᠢᠳᠤ ᠵᠠᠬ᠎ᠠ ᠳᠤ ᠤᠷᠤᠰᠢᠬᠤ 1854 ᠮᠧᠲ᠋ᠷ ᠥᠨᠳᠥᠷ ᠴᠣᠭᠲᠤᠴᠢᠨᠳᠠᠮᠤᠨᠢ ᠠᠭᠤᠯᠠ ᠨᠢ ᠤᠮᠠᠷᠠᠳᠤ ᠮᠥᠰᠦᠨ ᠳᠠᠯᠠᠢ ᠶᠢᠨ ᠰᠠᠪᠠ᠂ ᠨᠣᠮᠣᠬᠠᠨ ᠳᠠᠯᠠᠢ ᠶᠢᠨ ᠰᠠᠪᠠ᠂ ᠲᠥᠪ ᠠᠽᠢᠶ᠎ᠠ ᠶᠢᠨ ᠳᠣᠲᠣᠭᠠᠳᠤ ᠶᠢᠨ ᠭᠠᠳᠠᠭᠰᠢ ᠤᠷᠤᠰᠬᠠᠯ ᠦᠭᠡᠢ ᠠᠢ ᠰᠠᠪᠠ ᠶᠢᠨ ᠤᠰᠤᠨ ᠤ ᠬᠠᠭᠠᠯᠪᠤᠷᠢ ᠪᠣᠯᠤᠨ᠎ᠠ᠃

ᠡᠨᠡ ᠨᠢ ᠵᠥᠪᠬᠡᠨ ᠮᠣᠩᠭᠣᠯ ᠤᠨ ᠲᠡᠳᠦᠢ ᠦᠭᠡᠢ ᠳᠡᠯᠡᠬᠡᠢ ᠶᠢᠨ ᠤᠰᠤᠨ ᠤ ᠠᠢ ᠰᠠᠪᠠ ᠬᠠᠭᠠᠯᠪᠤᠷᠢ ᠪᠣᠯᠵᠤ ᠪᠠᠢᠢᠭ᠎ᠠ ᠴᠢᠬᠤᠯᠠ ᠭᠠᠵᠠᠷ ᠪᠢᠯᠡ᠃

ᠤᠯᠠᠭᠠᠨᠪᠠᠭᠠᠲᠤᠷ ᠬᠣᠲᠠ ᠶᠢᠨ ᠨᠠᠯᠠᠢᠢᠬᠤ ᠳᠡᠭᠦᠷᠭᠡ ᠶᠢᠨ ᠨᠤᠲᠤᠭ ᠳᠡᠪᠢᠰᠬᠡᠷ ᠲᠦ ᠴᠡᠷᠡᠳ ᠤᠨ ᠭᠠᠯᠪᠠ ᠶᠢᠨ ᠦᠶ᠎ᠡ ᠳᠦ ᠡᠭᠦᠰᠦᠭᠰᠡᠨ ᠨᠡᠭᠦᠷᠡᠰᠦᠨ ᠦ ᠣᠷᠳᠣ ᠭᠠᠵᠠᠷ ᠪᠤᠢ᠃

ХХ ᠵᠠᠭᠤᠨ ᠤ ᠡᠬᠢᠨ ᠦᠢ᠎ᠡ ᠡᠴᠡ ᠡᠬᠢᠯᠡᠨ ᠡᠨᠳᠡ ᠡᠴᠡ ᠨᠡᠭᠦᠷᠡᠰᠦ ᠣᠯᠪᠤᠷᠢᠯᠠᠵᠤ ᠡᠬᠢᠯᠡᠭᠰᠡᠨ ᠪᠠᠢᠢᠨ᠎ᠠ᠃

ᠪᠠᠢᠢᠭᠠᠯᠢ ᠢᠢᠨ ᠨᠥᠬᠥᠴᠡᠯ[засварлах | кодоор засварлах]

ᠤᠯᠠᠭᠠᠨᠪᠠᠭᠠᠲᠤᠷ ᠬᠣᠲᠠ ᠶᠢᠨ ᠳᠡᠪᠢᠰᠬᠡᠷ ᠲᠦ ᠠᠷᠤ ᠵᠠᠨᠴᠢᠪᠯᠠᠩ ᠤᠨ ᠣᠷᠴᠢᠮ ᠳᠤ ᠠᠯᠲᠠ᠂ ᠴᠠᠭᠠᠨ ᠲᠤᠭᠤᠯᠭ᠎ᠠ ᠢᠢᠨ ᠣᠷᠳᠣ ᠪᠤᠢ ᠪᠥᠭᠡᠳ ᠭᠢᠨᠲᠠ᠂ ᠠᠯᠲᠠ᠂ ᠬᠠᠢᠢᠯᠤᠭᠤᠷ ᠵᠣᠩᠰᠢ ᠢᠢᠨ ᠢᠯᠡᠷᠡᠯ᠂ ᠰᠡᠯᠪᠢ ᠶᠢᠨ ᠭᠣᠣᠯ ᠳᠤ ᠠᠯᠲᠠ᠂ ᠲᠡᠮᠦᠷ ᠦᠨ ᠢᠯᠡᠷᠡᠯ ᠦᠳ ᠪᠤᠢ᠃

ᠡᠯᠡᠰᠦᠲᠦ ᠶᠢᠨ ᠭᠣᠣᠯ ᠳᠤ ᠰᠢᠯ ᠤᠨ ᠡᠯᠡᠰᠦ᠂ ᠪᠤᠰᠤᠳ ᠭᠠᠵᠠᠷ  ᠢᠢᠠᠷ ᠰᠢᠪᠠᠷ ᠤᠨ ᠪᠠᠶᠠᠯᠢᠭ ᠨᠡᠯᠢᠶᠡᠳ ᠪᠤᠢ᠃ ᠤᠯᠠᠭᠠᠨᠪᠠᠭᠠᠲᠤᠷ ᠬᠣᠲᠠ ᠶᠢᠨ ᠠᠭᠤᠷ ᠠᠮᠢᠰᠬᠤᠯ ᠨᠢ ᠮᠠᠨ ᠤ ᠣᠷᠣᠨ ᠤ ᠠᠭᠤᠷ ᠠᠮᠢᠰᠬᠤᠯ ᠤᠨ ᠡᠬᠡ ᠭᠠᠵᠠᠷᠯᠢᠭ ᠰᠢᠨᠵᠢ ᠴᠢᠨᠠᠷ ᠢ ᠪᠦᠷᠢᠨ ᠢᠯᠡᠷᠬᠡᠢᠢᠯᠡᠬᠦ ᠡᠷᠡᠰ ᠲᠡᠰᠦ ᠰᠢᠨᠵᠢ ᠲᠡᠢ᠃

ᠰᠡᠷᠢᠭᠦᠨ ᠪᠥᠰᠡ ᠶᠢᠨ ᠡᠬᠡ ᠭᠠᠵᠠᠷ ᠤᠨ ᠠᠭᠤᠷ ᠠᠮᠢᠰᠬᠤᠯ ᠤᠨ ᠡᠷᠡᠰ ᠲᠡᠰᠦ ᠡᠬᠡ ᠭᠠᠵᠠᠷᠯᠢᠭ ᠰᠢᠨᠵᠢ ᠴᠢᠨᠠᠷ ᠢ ᠢᠯᠡᠷᠬᠡᠢᠢᠯᠡᠭᠰᠡᠨ ᠲᠣᠳᠣᠷᠬᠠᠢ ᠢᠯᠭᠠᠷᠠᠭᠰᠠᠨ ᠵᠢᠯ ᠦᠨ ᠳᠥᠷᠪᠡᠨ ᠤᠯᠠᠷᠢᠯ ᠲᠠᠢ᠃

ᠡᠪᠦᠯ ᠨᠢ ᠬᠦᠢᠲᠡᠨ᠂ ᠦᠨᠡᠮᠯᠡᠬᠦᠢ ᠪᠠᠭ᠎ᠠ ᠲᠧᠮᠫᠧᠷᠠᠲ᠋ᠦ᠋ᠷ ᠨᠢ - 49 ᠬᠡᠮ ᠬᠦᠷᠳᠡᠭ᠂ ᠦᠨᠡᠮᠯᠡᠬᠦᠢ ᠶᠡᠬᠡ ᠲᠧᠮᠫᠧᠷᠠᠲ᠋ᠦ᠋ᠷ ᠨᠢ 38.6 ᠬᠡᠮ᠂ ᠦᠨᠡᠮᠯᠡᠬᠦᠢ ᠶᠡᠬᠡ ᠪᠠᠭ᠎ᠠ ᠲᠧᠮᠫᠧᠷᠠᠲ᠋ᠦ᠋ᠷ ᠤᠨ ᠠᠭᠤᠷᠢᠭ ᠨᠢ 87.6 ᠬᠡᠮ ᠪᠣᠯᠳᠠᠭ᠃ ᠡᠨᠡ ᠡᠷᠡᠰ ᠲᠡᠰᠦ ᠢᠯᠭᠠᠭ᠎ᠠ ᠲᠠᠢ ᠪᠥᠭᠡᠳ ᠡᠢᠢᠮᠦ ᠶᠡᠬᠡ ᠵᠥᠷᠢᠶ᠎ᠡ ᠳᠡᠯᠡᠬᠡᠢ ᠶᠢᠨ ᠠᠯᠢ ᠴᠤ ᠤᠯᠤᠰ ᠤᠨ ᠨᠡᠢᠢᠰᠯᠡᠯ ᠳᠦ ᠭᠠᠷᠳᠠᠭ ᠦᠭᠡᠢ ᠪᠠᠢᠢᠬ᠎ᠠ᠃

ᠵᠢᠯ ᠦᠨ ᠳᠤᠮᠳᠠᠴᠢ ᠲᠧᠮᠫᠧᠷᠠᠲ᠋ᠦ᠋ᠷ ᠨᠢ -3 ᠬᠡᠮ᠂ ᠬᠠᠮᠤᠭ ᠤᠨ ᠬᠦᠢᠲᠡᠨ 1 ᠳ᠋ᠤᠭᠡᠷ ᠰᠠᠷ᠎ᠠ ᠶᠢᠨ ᠲᠧᠮᠫᠧᠷᠠᠲ᠋ᠦ᠋ᠷ ᠨᠢ - 26 ᠬᠡᠮ ᠪᠠᠢᠢᠬᠤ ᠪᠥᠭᠡᠳ - 30 ᠬᠡᠮ ᠠᠴᠠ ᠪᠠᠭᠤᠵᠤ ᠬᠦᠢᠲᠡᠷᠡᠬᠦ ᠡᠳᠦᠷ ᠦᠨ ᠲᠣᠭ᠎ᠠ ᠵᠢᠯ ᠳᠦ 40 ᠣᠷᠴᠢᠮ ᠬᠤᠨᠤᠭ ᠪᠠᠢᠢᠨ᠎ᠠ᠃ ᠤᠯᠠᠭᠠᠨᠪᠠᠭᠠᠲᠤᠷ ᠲᠤ ᠬᠦᠢᠲᠡᠷᠡᠯᠲᠡ ᠦᠭᠡᠢ ᠦᠷᠭᠦᠯᠵᠢᠯᠡᠬᠦ ᠬᠤᠭᠤᠴᠠᠭ᠎ᠠ 5 ᠳ᠋ᠤᠭᠠᠷ ᠰᠠᠷ᠎ᠠ ᠶᠢᠨ 29  ᠤ ᠣᠷᠴᠢᠮ ᠠᠴᠠ 9 ᠳᠦᠭᠡᠷ ᠰᠠᠷ᠎ᠠ ᠶᠢᠨ 2 ᠣᠷᠴᠢᠮ ᠬᠦᠷᠲᠡᠯ᠎ᠡ ᠪᠤᠶᠤ 90 ᠬᠣᠨᠣᠭ ᠪᠠᠢᠢᠨ᠎ᠠ᠃

ᠡᠨᠡ ᠬᠤᠭᠤᠴᠠᠭᠠᠨ ᠳᠤ ᠠᠭᠠᠷ ᠤᠨ ᠲᠧᠮᠫᠧᠷᠠᠲ᠋ᠦ᠋ᠷ 0 ᠬᠡᠮ ᠠᠴᠠ ᠳᠣᠷᠣᠭᠰᠢ ᠪᠠᠭᠤᠬᠤ ᠦᠭᠡᠢ᠃

ᠵᠢᠯ ᠦᠨ ᠬᠠᠮᠤᠭ ᠤᠨ ᠳᠤᠯᠠᠭᠠᠨ ᠰᠠᠷ᠎ᠡ ᠨᠢ 7 ᠳᠤᠭᠠᠷ ᠰᠠᠷ᠎ᠠ ᠪᠥᠭᠡᠳ ᠳᠤᠮᠳᠠᠴᠢ ᠲᠧᠮᠫᠧᠷᠠᠲ᠋ᠦ᠋ᠷ ᠨᠢ 17 ᠬᠡᠮ᠂ ᠬᠠᠮᠤᠭ ᠤᠨ ᠬᠠᠯᠠᠭᠤᠨ ᠪᠣᠯᠤᠭᠰᠠᠨ ᠨᠢ 38 ᠬᠡᠮ ᠬᠦᠷᠦᠭᠰᠡᠨ᠃

ᠵᠤᠨ ᠳᠠᠭᠠᠨ 30 ᠬᠡᠮ ᠠᠴᠠ ᠳᠠᠪᠠᠵᠤ ᠬᠠᠯᠠᠭᠤᠨ ᠪᠣᠯᠬᠤ ᠡᠳᠦᠷ ᠦᠨ ᠲᠣᠭ᠎ᠠ 10 ᠣᠷᠴᠢᠮ᠂ ᠭᠠᠩ ᠪᠣᠯᠬᠤ ᠮᠠᠭᠠᠳᠯᠠᠯ 30 ᠣᠷᠴᠢᠮ ᠬᠤᠪᠢ ᠪᠠᠢᠢᠳᠠᠭ᠃

ᠤᠯᠠᠭᠠᠨᠪᠠᠭᠠᠲᠤᠷ ᠬᠣᠲᠠ ᠨᠢ ᠳᠡᠯᠡᠬᠡᠢ ᠶᠢᠨ ᠬᠠᠮᠤᠭ ᠤᠨ ᠴᠡᠯᠮᠡᠭ ᠬᠥᠬᠡ ᠲᠩᠷᠢᠳᠦ ᠬᠣᠲᠠ ᠨᠤᠭᠤᠳ ᠤᠨ ᠨᠢᠭᠡ ᠪᠥᠭᠡᠳ ᠵᠢᠯ ᠳᠦ ᠪᠡᠨ 250 ᠊ᠭᠠᠳ ᠬᠣᠨᠣᠭ ᠴᠡᠯᠮᠡᠭ ᠪᠠᠢᠢᠳᠠᠭ᠃

ᠤᠯᠠᠭᠠᠨᠪᠠᠭᠠᠲᠤᠷ ᠬᠣᠲᠠ ᠮᠠᠨ ᠤ ᠣᠷᠣᠨ ᠤ ᠰᠠᠯᠬᠢ ᠪᠠᠭᠠᠲᠠᠢ ᠭᠠᠵᠠᠷ ᠤᠨ ᠲᠣᠭ᠎ᠠ ᠳᠤ ᠣᠷᠣᠨ᠎ᠠ᠃

ᠵᠢᠯ ᠳᠡᠭᠡᠨ ᠰᠠᠯᠬᠢ ᠦᠭᠡᠢ ᠡᠳᠦᠷ 100 ᠣᠷᠴᠢᠮ ᠪᠠᠢᠢᠬᠤ ᠪᠥᠭᠡᠳ ᠰᠠᠯᠬᠢᠨ ᠤ ᠬᠤᠷᠳᠤ 4-6 ᠮᠸᠲ᠋ᠷ ᠰᠸᠺᠦ᠋ᠨᠳ᠋᠂ ᠪᠠᠷᠠᠭᠤᠨ ᠤᠮᠠᠷᠠᠳᠤ ᠵᠦᠭ ᠦᠨ ᠰᠠᠯᠬᠢ ᠭᠣᠣᠯᠯᠠᠨ᠎ᠠ᠃

ᠡᠪᠦᠯ ᠰᠠᠯᠬᠢ ᠪᠠᠭᠠᠲᠠᠢ᠂ ᠬᠠᠪᠤᠷ ᠨᠢ ᠰᠠᠯᠬᠢ ᠶᠡᠬᠡ ᠲᠡᠢ᠃

ᠮᠣᠩᠭᠣᠯ ᠣᠷᠣᠨ ᠤ ᠠᠭᠤᠷ ᠠᠮᠢᠰᠬᠤᠯ ᠤᠨ ᠮᠤᠵᠢᠯᠠᠯ ᠤᠨ ᠬᠤᠪᠢ ᠳᠤ ᠠᠪᠴᠤ ᠦᠵᠡᠪᠡᠯ ᠤᠯᠠᠭᠠᠨᠪᠠᠭᠠᠲᠤᠷ ᠬᠣᠲᠠ ᠨᠢ ᠬᠠᠭᠤᠷᠠᠢᠢᠳᠠᠭᠤ ᠰᠡᠷᠢᠭᠦᠨ ᠵᠤᠨ ᠲᠠᠢ ᠬᠠᠬᠢᠷ ᠡᠪᠦᠯ ᠲᠡᠢ ᠨᠤᠲᠤᠭ ᠲᠤ ᠪᠠᠭᠳᠠᠨ᠎ᠠ᠃

ᠤᠯᠠᠭᠠᠨᠪᠠᠭᠠᠲᠤᠷ ᠲᠤ ᠵᠢᠯ ᠳᠦ ᠳᠤᠮᠳᠠᠴᠢ ᠪᠠᠷ 233 ᠮᠢᠯᠢᠮᠧᠲ᠋ᠷ ᠲᠤᠨᠤᠳᠠᠰᠤ ᠤᠨᠠᠵᠤ᠂ ᠠᠭᠤᠷᠰᠢᠯᠲᠠ ᠨᠢ 648 ᠮᠢᠯᠢᠮᠧᠲ᠋ᠷ ᠪᠣᠯᠳᠠᠭ᠃

ᠴᠢᠭᠢᠭ᠌ᠰᠢᠯ ᠦᠨ ᠪᠠᠢᠢᠳᠠᠯ 0.36 ᠪᠠᠢᠢᠳᠠᠭ᠃

ᠠᠭᠠᠷ ᠤᠨ ᠬᠠᠷᠢᠴᠠᠩᠭᠤᠢ ᠴᠢᠭᠢᠭ 1 ᠳᠦᠭᠡᠷ ᠰᠠᠷ᠎ᠠ ᠳᠤ 70 ᠣᠷᠴᠢᠮ ᠬᠤᠪᠢ᠂ 7 ᠳ᠋ᠤᠭᠠᠷ ᠰᠠᠷ᠎ᠠ ᠳᠤ 60 ᠣᠷᠴᠢᠮ ᠬᠤᠪᠢ ᠪᠠᠢᠢᠳᠠᠭ᠃

ᠤᠯᠠᠭᠠᠨᠪᠠᠭᠠᠲᠤᠷ ᠬᠣᠲᠠ ᠶᠢᠨ ᠨᠤᠲᠤᠭ ᠨᠢ ᠪᠦᠬᠦᠯᠢ ᠳᠡᠭᠡᠨ ᠤᠮᠠᠷᠠᠳᠤ ᠮᠥᠰᠦᠨ ᠳᠠᠯᠠᠢ ᠶᠢᠨ ᠰᠠᠪᠠ ᠳᠤ ᠪᠠᠭᠳᠠᠨ᠎ᠠ᠃ ᠪᠠᠷᠤᠭ ᠪᠦᠬᠦ ᠭᠣᠣᠯ ᠨᠢ ᠲᠤᠤᠯᠠ ᠭᠣᠣᠯ ᠤᠨ ᠰᠠᠪᠠ ᠭᠣᠣᠯ ᠶᠤᠮ᠃

ᠬᠠᠨ-ᠠᠭᠤᠯᠠ ᠳᠡᠭᠦᠷᠭᠡ ᠶᠢᠨ ᠨᠤᠲᠤᠭ ᠳᠡᠪᠢᠰᠬᠡᠷ ᠲᠦ ᠲᠤᠤᠯᠠ ᠭᠣᠣᠯ ᠤᠨ ᠬᠥᠪᠡᠭᠡᠨ ᠳᠦ ᠨᠡᠭᠦᠷᠡᠰᠦᠭᠦ᠋ᠴᠢᠯᠳᠦ ᠮᠠᠭᠨᠢ ᠶᠢᠨ ᠢᠰᠭᠦᠯᠡᠩ ᠳᠠᠪᠤᠰᠤᠲᠤ ᠰᠠᠴᠤᠷᠠᠭ ᠢᠳᠡᠪᠬᠢᠳᠦ ᠪᠣᠳᠠᠰ ᠲᠠᠢ ᠭᠢᠳ᠋ᠷᠣᠻᠠᠷᠪᠤᠨᠠᠲ ᠺᠠᠯᠼᠲᠤ ᠷᠠᠰᠢᠶᠠᠨ ᠶᠤᠮ᠃

ᠭᠠᠴᠤᠤᠷᠠᠲᠤ ᠲᠣᠰᠬᠣᠨ ᠳᠤ ᠴᠠᠭᠠᠨ ᠡᠷᠭᠡᠨ ᠦ᠂ ᠰᠡᠯᠪᠢ ᠶᠢᠨ ᠳᠠᠮᠪᠠᠳᠠᠷᠵᠠᠢ ᠳᠤ᠂ ᠶᠡᠬᠡ ᠲᠩᠷᠢ ᠶᠢᠨ ᠠᠮᠠᠨ ᠳᠤ ᠷᠠᠰᠢᠶᠠᠨ ᠪᠤᠢ᠃

ᠨᠠᠯᠠᠢᠢᠬᠤ ᠳᠡᠭᠦᠷᠭᠡ ᠶᠢᠨ ᠳᠡᠪᠢᠰᠬᠡᠷ ᠲᠦ ᠭᠢᠳ᠋ᠷᠤᠺᠠᠷᠪᠤᠨᠠᠲ᠂ ᠺᠠᠯᠢ ᠮᠠᠭᠨᠢᠳᠤ᠂ ᠨᠡᠭᠦᠷᠡᠰᠦᠭᠦ᠋ᠴᠢᠯ ᠦᠨ ᠬᠡᠢ ᠲᠡᠢ᠂ ᠷᠠᠳᠣᠨ ᠲᠠᠢ ᠠᠷᠤ ᠵᠠᠨᠴᠢᠪᠯᠠᠩ ᠤᠨ ᠷᠠᠰᠢᠶᠠᠨ ᠪᠤᠢ᠃

ᠨᠠᠯᠠᠢᠢᠬᠤ ᠶᠢᠨ ᠪᠥᠰᠡ ᠳ᠋ᠦ ᠨᠠᠭᠤᠷ ᠢ ᠠᠷᠠᠳ ᠤᠳ ᠷᠠᠰᠢᠶᠠᠨ ᠭᠡᠵᠦ ᠠᠰᠢᠭᠯᠠᠳᠠᠭ᠃

ᠤᠯᠠᠭᠠᠨᠪᠠᠭᠠᠲᠤᠷ ᠤᠨ ᠣᠷᠴᠢᠮ ᠤᠨ ᠭᠣᠣᠯ ᠤᠳ ᠤᠨ ᠤᠰᠤ ᠬᠢᠮᠢ ᠶᠢᠨ ᠨᠠᠢᠢᠷᠠᠯᠭ᠎ᠠ ᠶᠢᠨ ᠬᠤᠪᠢ ᠳᠤ ᠭᠢᠳ᠋ᠷᠣᠻᠠᠷᠪᠤᠨᠠᠲ᠋ᠠᠯᠢᠭ ᠠᠩᠭᠢᠯᠠᠯ ᠳᠤ ᠪᠠᠭᠳᠠᠬᠤ ᠪᠥᠭᠡᠳ ᠭᠣᠣᠯ ᠤᠨ ᠰᠦᠯᠵᠢᠶᠡᠨ ᠦ ᠨᠢᠭᠲᠠᠰᠢᠯ 0.01-0.05 ᠻᠢᠯᠣᠮᠧᠲ᠋ᠷ \ᠻᠮ 2 ᠪᠠᠢᠢᠨ᠎ᠠ᠃

ᠤᠯᠠ ᠬᠥᠷᠦᠰᠦᠨ ᠦ ᠴᠡᠪᠳᠡᠭ ᠤᠯᠠᠭᠠᠨᠪᠠᠭᠠᠲᠤᠷ ᠤᠨ ᠳᠡᠪᠢᠰᠬᠡᠷ ᠲᠦ ᠲᠣᠯᠪᠣ ᠪᠠᠢᠢᠳᠠᠯ  ᠢᠢᠠᠷ ᠲᠠᠷᠬᠠᠭᠰᠠᠨ ᠪᠠᠢᠢᠨ᠎ᠠ᠃

ᠨᠤᠲᠤᠭ ᠤᠨ ᠤᠮᠠᠷᠠᠳᠤ ᠵᠠᠬ᠎ᠠ ᠪᠠᠷ ᠰᠢᠷᠢᠭᠢᠳᠦ ᠲᠠᠢᠢᠭ᠎ᠠ ᠶᠢᠨ ᠭᠦᠨ ᠳ᠋ᠡᠬᠢ ᠴᠡᠪᠳᠡᠭ ᠲᠡᠢ ᠬᠥᠷᠥᠰᠥ᠂ ᠬᠣᠲᠠ ᠶᠢᠨ ᠤᠮᠠᠷᠠᠳᠤ ᠵᠠᠬ᠎ᠠ ᠶᠢᠨ ᠠᠭᠤᠯᠠᠰ ᠢᠶᠠᠷ ᠠᠭᠤᠯᠠ ᠢᠢᠨ ᠨᠤᠨᠲᠠᠭ ᠺᠠᠷᠪᠤᠨᠠᠲ᠋ᠯᠢᠭ ᠬᠠᠷ᠎ᠠ ᠬᠦᠷᠡᠩ ᠬᠥᠷᠥᠰᠥ᠂ ᠲᠤᠤᠯᠠ ᠭᠣᠣᠯ ᠤᠨ ᠬᠦᠨᠳᠡᠢ ᠪᠠᠷ ᠨᠤᠭᠤᠳᠤ ᠨᠠᠮᠤᠭ ᠤᠨ ᠴᠡᠪᠳᠡᠭᠲᠡᠭᠦᠦ ᠬᠥᠷᠥᠰᠥ ᠲᠡᠢ᠃