ᠬᠠᠨ ᠪᠤᠮᠪᠠᠳᠤ ᠨᠢᠰᠬᠦ ᠪᠠᠭᠤᠳᠠᠯ
|
ᠬᠠᠨ ᠪᠤᠮᠪᠠᠳᠤ ᠨᠢᠰᠬᠦ ᠪᠠᠭᠤᠳᠠᠯ ᠡᠮᠦᠨᠡᠭᠣᠪᠢ ᠠᠢᠢᠮᠠᠭ ᠤᠨ ᠬᠠᠨᠪᠣᠭᠳᠠ ᠰᠤᠮᠤ ᠶᠢᠨ ᠨᠤᠲᠤᠭ ᠳᠡᠪᠢᠰᠬᠡᠷ ᠲᠦ ᠣᠷᠣᠰᠢᠳᠠᠭ᠃ ᠨᠢᠰᠬᠦ ᠪᠠᠭᠤᠳᠠᠯ 240ᠵᠤᠷᠴᠢᠭᠴᠢ ᠳᠤ ᠦᠢᠯᠡᠴᠢᠯᠡᠬᠦ ᠬᠦᠴᠦᠨ ᠴᠢᠳᠠᠯᠲᠠᠢ᠃ ᠤᠷᠠᠨ ᠪᠠᠷᠢᠯᠭᠠᠴᠢ ᠫ ∙ ᠠᠷᠢᠭᠤᠨᠪᠣᠯᠣᠳ᠂ ᠭ᠂ ᠭᠠᠩᠲᠤᠶᠠᠭ᠎ᠠ ᠨᠠᠷ ᠤᠨ ᠲᠥᠰᠥᠯ ᠢᠢᠠᠷ ᠣᠭ᠌ᠶᠤᠲᠣᠯᠣᠭᠠᠢ ᠻᠣᠮᠫᠠᠨᠢ ᠶᠢᠨ ᠵᠠᠬᠢᠶᠠᠯᠠᠭ᠎ᠠ ᠪᠠᠷ 2012 ᠣᠨ ᠳᠤ ᠪᠠᠷᠢᠭᠳᠠᠭᠰᠠᠨ᠃ ᠶᠡᠷᠦᠩᠬᠡᠢ ᠵᠠᠭᠪᠤᠷ ᠨᠢ ᠮᠣᠩᠭᠣᠯ ᠬᠡᠪ ᠮᠠᠶᠢᠭ ᠢ ᠢᠯᠡᠷᠬᠡᠢᠢᠯᠡᠭᠰᠡᠨ᠃ ᠣᠭ᠌ᠶᠤᠲᠣᠯᠣᠭᠠᠢ ᠻᠣᠮᠫᠠᠨᠢ ᠶᠢᠨ ᠡᠮᠦᠨᠡᠬᠢ ᠨᠢᠰᠬᠦ ᠪᠠᠭᠤᠳᠠᠯ ᠤᠨ ᠵᠣᠷᠴᠢᠭ᠋ᠴᠢ ᠦᠢᠯᠡᠴᠢᠯᠡᠭᠡᠨ ᠦ ᠪᠠᠷᠢᠯᠭ᠎ᠠ ᠮᠣᠩᠭᠣᠯ ᠭᠡᠷ ᠪᠠᠢᠢᠭᠰᠠᠨ ᠪᠥᠭᠡᠳ ᠭᠠᠳᠠᠭᠠᠳᠤ ᠳᠣᠲᠣᠭᠠᠳᠤ ᠶᠢᠨ ᠵᠣᠷᠴᠢᠭᠴᠢᠳ ᠳᠤᠭᠤᠢ ᠬᠡᠯᠪᠡᠷᠢᠲᠡᠢ ᠭᠡᠷ ᠲᠦ ᠨᠢᠰᠦᠯᠭᠡ ᠪᠡᠨ ᠪᠦᠷᠢᠳᠬᠡᠭᠦᠯᠵᠦ᠂ ᠣᠩᠭᠣᠴᠠ ᠪᠠᠨ ᠬᠦᠯᠢᠶᠡᠩᠭᠡ ᠻᠣᠹᠧ ᠤᠤᠭᠤᠵᠤ᠂ ᠲᠸᠯᠸᠢᠰ ᠦᠵᠡᠨ ᠪᠤᠢ ᠨᠢ ᠰᠣᠨᠢᠷᠬᠠᠯᠲᠠᠢ ᠰᠠᠨᠠᠭᠳᠠᠭᠰᠠᠨ ᠪᠥᠭᠡᠳ ᠡᠨᠡᠬᠦ ᠪᠠᠢᠢᠳᠠᠯ ᠢ ᠬᠠᠳᠠᠭᠠᠯᠠᠨ᠂ ᠣᠷᠴᠢᠨ ᠦᠶ᠎ᠡ ᠶᠢᠨ ᠲᠣᠬᠢᠵᠢᠯᠲᠠ ᠶᠢᠨ ᠬᠡᠪ ᠮᠠᠶᠢᠭ᠂ ᠲᠡᠷᠡᠴᠢᠯᠡᠨ ᠠᠷᠬᠢᠲ᠋ᠧᠻᠲ᠋ᠤᠷ ᠲᠤ ᠬᠥᠷᠪᠡᠭᠦᠯᠬᠦ ᠶᠢ ᠬᠢᠴᠢᠶᠡᠨ ᠲᠥᠯᠥᠪᠯᠡᠭᠰᠡᠨ ᠃ ᠢᠷᠡᠬᠦ ᠪᠤᠴᠠᠬᠤ ᠵᠣᠷᠴᠢᠭᠴᠢᠳ ᠤᠨ ᠲᠠᠩᠬᠢᠮ ᠤᠳ ᠤᠨ ᠲᠠᠭᠠᠵᠠᠨ ᠤ ᠰᠢᠢᠳᠦᠯ ᠢ ᠡᠯᠡᠰᠦᠨ ᠮᠠᠩᠬᠠᠨ ᠨᠤᠭᠤᠳ ᠢ ᠳᠠᠭᠤᠷᠢᠶᠠᠯᠭᠠᠨ ᠬᠡᠯᠪᠡᠷᠢᠵᠢᠭᠦᠯᠵᠦ ᠰᠢᠭᠤᠳ ᠪᠤᠰᠤ ᠲᠤᠰᠬᠠᠯ ᠲᠠᠢ ᠭᠡᠷᠡᠯ ᠦᠨ ᠰᠢᠰᠲ᠋ᠧᠮ ᠢᠢᠠᠷ ᠲᠣᠨᠣᠭᠯᠠᠭᠰᠠᠨ ᠨᠢ ᠣᠷᠣᠨ ᠵᠠᠢ ᠶᠢᠨ ᠬᠤᠪᠢ ᠳᠤ ᠠᠭᠤᠵᠢᠮ ᠰᠡᠳᠬᠢᠭᠳᠡᠯ ᠲᠥᠷᠥᠭᠦᠯᠬᠦ ᠵᠣᠷᠢᠯᠭ᠎ᠠ ᠲᠠᠢ᠃ ᠪᠦᠬᠦᠢᠢᠯᠠ ᠲᠠᠩᠬᠢᠮ ᠤᠳ ᠤᠨ ᠱᠠᠯᠠ ᠶᠢ ᠡᠯᠡᠰᠦᠨ ᠰᠢᠷᠬᠡᠭ ᠢ ᠰᠠᠨᠠᠭᠳᠠᠭᠤᠯᠤᠮ᠎ᠠ ᠪᠠᠢᠢᠭᠠᠯᠢ ᠢᠢᠨ ᠴᠢᠯᠠᠭᠤᠨ ᠬᠠᠪᠲᠠᠨ ᠢᠢᠠᠷ ᠥᠩᠭᠡᠯᠡᠵᠦ ᠵᠣᠷᠴᠢᠭᠴᠢᠳ ᠤᠨ ᠴᠢᠭᠯᠡᠯ ᠢ ᠲᠣᠳᠣᠷᠠᠭᠤᠯᠬᠤ ᠵᠣᠷᠢᠯᠭ᠎ᠠ ᠲᠠᠢ ᠰᠠᠭᠠᠷᠠᠯ ᠥᠩᠭᠡ ᠶᠢᠨ ᠴᠢᠯᠠᠭᠤᠨ ᠬᠠᠪᠲᠠᠨ ᠡᠮᠵᠢᠶᠡᠷᠢ᠂ ᠬᠤᠪᠢᠶᠠᠷᠢᠯᠠᠯᠲᠠ ᠨᠤᠭᠤᠳ ᠢ ᠰᠢᠭᠢᠳᠬᠡᠭᠰᠡᠨ᠃ ᠭᠣᠣᠯ ᠲᠠᠩᠬᠢᠮ ᠢ ᠪᠠᠢᠢᠭᠠᠯᠢ ᠢᠢᠨ ᠭᠡᠷᠡᠯ ᠰᠢᠭᠤᠳ ᠨᠡᠪᠲᠡᠷᠡᠭᠦᠯᠬᠦ ᠲᠣᠭᠣᠨᠣ᠂ ᠭᠡᠷᠡᠯᠲᠦ ᠪᠠᠭᠠᠨ᠎ᠠ ᠶᠢᠨ ᠲᠣᠯᠣᠭᠠᠢ ᠶᠢᠨ ᠴᠢᠮᠡᠭᠯᠡᠯ᠂ ᠳᠠᠯᠳᠠ ᠭᠡᠷᠡᠯᠲᠦᠭᠦᠯᠭᠡ ᠪᠦᠬᠦᠢ ᠤᠨᠢ ᠵᠡᠷᠭᠡ ᠮᠣᠩᠭᠣᠯ ᠭᠡᠷ ᠦᠨ ᠦᠨᠳᠦᠰᠦᠨ ᠡᠯᠸᠮᠸᠨ᠋ᠲ ᠦᠳ ᠢ ᠳᠦᠷᠰᠦᠯᠡᠨ ᠡᠨᠡᠬᠦ ᠠᠭᠤᠷ ᠠᠮᠢᠰᠬᠤᠯ ᠢ ᠠᠯᠳᠠᠭᠳᠠᠭᠤᠯᠬᠤ ᠦᠭᠡᠢ ᠵᠣᠷᠢᠯᠭ᠎ᠠ ᠪᠠᠷ ᠲᠤᠰᠠᠯᠠᠬᠤ ᠬᠠᠨ᠎ᠠ ᠨᠤᠭᠤᠳ ᠢ ᠰᠢᠯᠤᠨ ᠬᠠᠨ᠎ᠠ ᠶᠢᠨ ᠰᠢᠰᠲ᠋ᠧᠮ ᠢᠢᠠᠷ ᠲᠠᠩᠬᠢᠮ ᠢ ᠪᠦᠷᠢᠨ ᠲᠠᠰᠤᠯᠠᠬᠤ ᠦᠭᠡᠢ ᠲᠦᠪᠰᠢᠨ ᠳᠦ ᠬᠢᠵᠠᠭᠠᠷᠯᠠᠨ ᠠᠳᠠᠯᠢ ᠥᠨᠳᠥᠷ ᠪᠦᠬᠦᠢ ᠲᠠᠪᠢᠯᠭ᠎ᠠ ᠨᠤᠭᠤᠳ ᠢ ᠰᠠᠭᠤᠷᠢᠯᠠᠭᠤᠯᠤᠭᠰᠠᠨ᠃
|
ᠪᠦᠬᠦᠢᠢᠯᠠ ᠲᠠᠩᠬᠢᠮ ᠤᠳ ᠢ ᠲᠤᠰᠠᠭᠠᠷᠯᠠᠬᠤ ᠬᠠᠨ᠎ᠠ ᠨᠤᠭᠤᠳ ᠢ ᠬᠠᠷᠠᠭᠠᠨ ᠤ ᠲᠦᠪᠰᠢᠨ ᠳᠦ ᠰᠢᠯᠤᠨ ᠪᠠᠢᠢᠬᠤ ᠪᠠᠷ ᠰᠢᠢᠳᠦᠭᠰᠡᠨ ᠨᠢ ᠭᠣᠣᠯ ᠲᠠᠩᠬᠢᠮ ᠪᠣᠯᠤᠨ ᠦᠨᠳᠦᠰᠦᠨ ᠲᠠᠩᠬᠢᠮ ᠤᠳ ᠢ ᠬᠤᠯᠪᠤᠬᠤ ᠻᠣᠷᠢᠳᠣᠷ ᠤᠨ ᠪᠠᠢᠢᠭᠠᠯᠢ ᠊ᠢᠢᠨ ᠭᠡᠷᠡᠯᠲᠦᠭᠦᠯᠭᠡ ᠲᠡᠢ ᠬᠣᠷᠰᠢᠨ ᠠᠭᠤᠳᠠᠮ ᠣᠷᠣᠨ ᠵᠠᠢ ᠮᠡᠳᠡᠷᠡᠭᠦᠯᠬᠦ ᠵᠣᠷᠢᠯᠭ᠎ᠠ ᠲᠠᠢ᠃
ᠵᠢᠷᠣᠭ ᠤᠨ ᠴᠣᠮᠣᠷᠯᠢᠭ[засварлах | кодоор засварлах]