Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
7 ᠰᠠᠷ ᠊ᠠ᠋ ᠊ᠢᠢᠨ ᠪᠣᠰᠤᠯᠭ ᠊ᠠ᠋
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠪᠣᠰᠤᠯᠭ᠊ᠠ᠋ ᠶᠢᠨ ᠶᠠᠪᠤᠴᠠ= [[File:Otgonjargalyn_Magnai_speaking_to_a_crowd_in_Ulaanbataar,_Mongolia_(July_1,_2008).jpg|thumb|ᠣ᠂ ᠮᠠᠩᠨᠠᠢ
ᠡᠰᠡᠷᠭᠦᠴᠡᠯ ᠦ᠋ᠨ
ᠦᠭᠡ
ᠬᠡᠯᠡᠵᠦ
ᠪᠠᠢᠢᠨ ᠋ᠠ᠋]]
ᠠᠩᠬ᠎ᠠ 2008 ᠣᠨ ᠤ ᠵᠢᠷᠭᠤᠳᠤᠭᠠᠷ ᠰᠠᠷ᠎ᠠ ᠶᠢᠨ 30 ᠠᠴᠠ ᠳᠣᠯᠣᠳᠤᠭᠠᠷ ᠰᠠᠷ᠎ᠠ ᠶᠢᠨ 1 ᠳᠦ ᠰᠢᠯᠵᠢᠬᠦ ᠰᠥᠨᠢ ᠤᠯᠤᠰ ᠤᠨ ᠶᠡᠬᠡ ᠬᠤᠷᠠᠯ ᠤᠨ ᠡᠭᠡᠯᠵᠢᠲᠦ ᠰᠣᠩᠭᠣᠭᠤᠯᠢ ᠶᠢᠨ ᠳᠦᠩᠭᠡ ᠡᠰᠡᠷᠭᠦᠴᠡᠭᠰᠡᠨ ᠵᠠᠯᠠᠭᠤᠰ ᠰᠣᠩᠭᠢᠨ᠎ᠠ ᠪᠠᠬᠠᠶᠢᠷᠬᠠᠨ ᠳᠡᠭᠦᠷᠭᠡ ᠡᠴᠡ ᠡᠰᠡᠷᠭᠦᠴᠡᠯ ᠦᠨ ᠵᠢᠭᠰᠠᠭᠠᠯ ᠡᠬᠢᠯᠡᠭᠦᠯᠵᠦ᠂ ᠰᠦᠬᠡᠪᠠᠭᠠᠲᠤᠷ ᠤᠨ ᠲᠠᠯᠠᠪᠠᠢ ᠶᠢ ᠲᠥᠪ ᠴᠡᠭ ᠪᠣᠯᠭᠠᠬᠤ ᠪᠠᠷ ᠵᠠᠷᠯᠠᠭᠰᠠᠨ ᠶᠤᠮ᠃ ᠡᠨᠳᠡ ᠪᠦᠭᠦᠳᠡ ᠨᠠᠶᠢᠷᠠᠮᠳᠠᠬᠤ ᠨᠠᠮ ᠤᠨ ᠳᠠᠷᠤᠭ᠎ᠠ ᠪ ∙ ᠵᠢᠷᠭᠠᠯᠰᠠᠶᠢᠬᠠᠨ ᠬᠢᠭᠡᠳ ᠢᠷᠭᠡᠨ ᠦ ᠡᠪᠰᠡᠯ ᠡᠴᠡ ᠨᠡᠷ᠎ᠡ ᠳᠡᠪᠰᠢᠭᠴᠢ ᠣ᠊ ∙ ᠮᠠᠩᠨᠠᠢ ᠨᠠᠷ ᠢᠳᠡᠪᠬᠢᠯᠡᠨ ᠣᠷᠣᠯᠴᠠᠭᠰᠠᠨ ᠨᠢ ᠲᠧᠯᠧᠸᠢᠰ ᠦᠨ ᠳᠦᠷᠰᠦ᠂ ᠰᠣᠨᠢᠨ ᠤ ᠬᠠᠭᠤᠳᠠᠰᠤᠨ ᠢᠶᠠᠨ ᠪᠠᠷᠢᠮᠲᠠ ᠪᠣᠯᠤᠨ ᠦᠯᠡᠳᠡᠵᠡᠢ᠃ ᠲᠡᠭᠦᠨᠴᠢᠯᠡᠨ ᠥᠷᠯᠥᠭᠡᠨ ᠦ 10 ᠴᠠᠭ ᠤᠨ ᠦᠶ᠎ᠡ ᠳᠦ ᠠᠷᠠᠳᠴᠢᠯᠠᠭᠰᠠᠨ ᠨᠠᠮ ᠤᠨ ᠪᠠᠶᠢᠷᠢᠨ ᠤ ᠡᠮᠦᠨ᠎ᠡ 《ᠠᠷᠠᠳᠴᠢᠯᠠᠯ ᠢᠶᠠᠨ ᠬᠠᠮᠠᠭᠠᠯᠠᠬᠤ ᠴᠠᠭ ᠪᠣᠯᠤᠭᠰᠠᠨ》 ᠬᠡᠮᠡᠨ ᠨᠢᠭᠡ ᠨᠡᠩᠨᠠ ᠤᠷᠢᠶᠠᠯᠠᠵᠤ᠂ ᠡᠨᠡ ᠤᠳᠠᠭ᠎ᠠ ᠶᠢᠨ ᠰᠣᠩᠭᠣᠭᠤᠯᠢ ᠳᠤ 《ᠠᠷᠠᠳᠴᠢᠯᠠᠭᠰᠠᠨ ᠨᠠᠮ ᠢᠯᠠᠭᠰᠠᠨ》 ᠭᠡᠳᠡᠭ ᠢ ᠴᠢᠨ ᠰᠡᠳᠬᠢᠯ ᠡᠴᠡ ᠪᠡᠨ ᠪᠠᠲᠤᠯᠠᠬᠤ ᠬᠦᠰᠡᠯ ᠲᠡᠢ ᠳᠡᠮᠵᠢᠭᠴᠢᠳ ᠨᠢ ᠦᠢ ᠣᠯᠠᠨ ᠢᠶᠠᠷ ᠢᠶᠠᠨ ᠴᠤᠭᠯᠠᠷᠠᠭᠰᠠᠨ ᠪᠠᠶᠢᠪᠠ᠃ ᠭᠡᠪᠡᠴᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠶᠢᠷᠢ ᠥᠷᠯᠥᠭᠡᠨ ᠦ 10 ᠴᠠᠭ ᠠᠴᠠ ᠡᠬᠢᠯᠡᠵᠦ᠂ ᠬᠠᠮᠠᠭᠠᠯᠠᠯᠲᠠ ᠪᠠᠨ ᠪᠠᠭ᠎ᠠ ᠰᠠᠭ᠎ᠠ ᠪᠠᠷ ᠨᠡᠮᠡᠵᠦ᠂ ᠢᠷᠭᠡᠳ ᠰᠦᠬᠡᠪᠠᠭᠠᠲᠤᠷ ᠤᠨ ᠲᠠᠯᠠᠪᠠᠢ ᠳᠤ ᠥᠪᠡᠷ ᠥᠪᠡᠷ ᠦᠨ ᠡᠰᠡᠷᠭᠦᠴᠡᠯ ᠦᠨ ᠪᠦᠯᠦᠭ ᠪᠣᠯᠵᠤ ᠨᠢᠭᠡᠳᠦᠭᠰᠡᠭᠡᠷ ᠪᠠᠶᠢᠪᠠ᠃ ᠶᠡᠬᠡ ᠤᠳᠠᠯ ᠦᠭᠡᠢ ᠡᠨᠡ ᠡᠳᠦᠷ ᠦᠨ 12 ᠴᠠᠭ ᠲᠤ ᠠᠷᠠᠳᠴᠢᠯᠠᠭᠰᠠᠨ ᠨᠠᠮ ᠤᠨ ᠳᠠᠷᠤᠭ᠎ᠠ ᠴ∙ ᠡᠯᠪᠡᠭᠳᠣᠷᠵᠢ ᠬᠠᠲᠠᠭᠤᠬᠠᠨ ᠮᠡᠳᠡᠭᠳᠡᠯ ᠬᠢᠵᠦ 《ᠠᠷᠠᠳᠴᠢᠯᠠᠯ ᠤᠨ ᠲᠥᠯᠥᠭᠡ ᠰᠠᠨᠠᠯ ᠢᠶᠠᠨ ᠥᠭᠭᠦᠭᠰᠡᠨ ᠠᠷᠠᠳ ᠲᠦᠮᠡᠨ ᠢᠶᠡᠷ ᠢᠶᠡᠨ ᠪᠠᠬᠠᠷᠬᠠᠵᠤ ᠪᠠᠶᠢᠨ᠎ᠠ᠃ ᠠᠷᠠᠳ ᠲᠦᠮᠡᠨ ᠦ ᠰᠣᠩᠭᠣᠯᠲᠠᠳ ᠬᠠᠤᠯᠢ ᠪᠤᠰᠤ ᠥᠭᠡᠷᠡᠴᠢᠯᠡᠯᠲᠡ ᠬᠢᠭᠰᠡᠨ᠂ ᠠᠷᠠᠳ ᠲᠦᠮᠡᠨ ᠦ ᠰᠣᠩᠭᠣᠯᠲᠠᠳ ᠬᠢᠮᠡᠯ ᠮᠡᠰᠡ ᠵᠠᠰᠠᠯ ᠬᠢᠭᠰᠡᠨ ᠠᠪᠤᠯᠴᠢ᠂ ᠵᠢᠮ᠎ᠠ ᠶᠣᠰᠣᠨ ᠤ ᠢᠯᠠᠭᠳᠠᠯ ᠠᠴᠠ ᠪᠠᠨ ᠠᠶᠤᠵᠤ᠂ ᠭᠡᠮᠲᠦ ᠦᠢᠯᠡᠳᠦᠯ ᠬᠢᠭᠰᠡᠨ ᠡᠷᠬᠡ ᠪᠠᠷᠢᠭᠴᠢᠳ ᠢ ᠬᠠᠷᠠᠭᠠᠳ ᠣᠢ ᠭᠤᠲᠤᠵᠤ ᠪᠠᠶᠢᠨ᠎ᠠ... ...ᠮᠣᠩᠭᠣᠯ ᠤᠨ ᠠᠷᠠᠳ ᠲᠦᠮᠡᠨ ᠪᠦᠭᠦᠳᠡ ᠠᠷᠠᠳᠴᠢᠯᠠᠯ ᠢ ᠳᠤᠭᠤᠶᠢᠯᠠᠭᠰᠠᠨ᠃ ᠠᠷᠪᠠᠨ ᠬᠦᠮᠦᠨ ᠦ ᠳᠣᠯᠣᠭ᠎ᠠ ᠨᠢ᠂ ᠨᠠᠶᠢᠮᠠᠨ ᠬᠦᠮᠦᠨ ᠦ ᠵᠢᠷᠭᠤᠭ᠎ᠠ ᠨᠢ ᠳᠤᠭᠤᠶᠢᠯᠠᠭᠰᠠᠨ᠃ ᠲᠡᠭᠡᠬᠦ ᠳᠦ ᠶᠠᠭᠠᠬᠢᠭᠠᠳ ᠡᠶᠢᠮᠦ ᠡᠰᠡᠷᠡᠭ ᠦᠷ᠎ᠡ ᠳᠦᠩ ᠭᠠᠷᠪᠠ᠃ ᠲᠡᠳᠡ ᠠᠷᠪᠠᠨ ᠬᠦᠮᠦᠨ ᠦ ᠳᠣᠯᠣᠭ᠎ᠠ ᠶᠢᠨ ᠬᠢ ᠨᠢ ᠰᠠᠨᠠᠯ ᠢ ᠥᠭᠡᠷᠡᠴᠢᠯᠡᠵᠦ ᠴᠢᠳᠠᠯ᠎ᠠ᠃ ᠡᠷᠬᠡ ᠪᠠᠷᠢᠭᠴᠢᠳ 29 ᠡᠴᠡ 30 ᠳᠦ ᠰᠢᠯᠵᠢᠬᠦ ᠰᠥᠨᠢ ᠶᠠᠭᠤ ᠬᠢᠵᠦ ᠴᠢᠳᠠᠳᠠᠭ ᠢᠶᠠᠨ ᠬᠠᠷᠠᠭᠤᠯᠤᠭᠰᠠᠨ᠂》 ᠭᠡᠵᠡᠢ᠃ ᠤᠯᠠᠮ ᠢᠶᠠᠷ ᠵ ∙ ᠪᠠᠲᠤᠽᠠᠨᠳᠠᠨ ᠲᠡᠷᠢᠭᠦᠲᠡᠢ ᠢᠷᠭᠡᠨ ᠦ ᠡᠪᠰᠡᠯ ᠦᠨ ᠬᠢᠨ ᠰᠦᠬᠡᠪᠠᠭᠠᠲᠤᠷ ᠤᠨ ᠲᠠᠯᠠᠪᠠᠢ ᠳᠤ ᠴᠤᠭᠯᠠᠷᠠᠵᠤ᠂ 《ᠠᠷᠠᠳᠴᠢᠯᠠᠭᠰᠠᠨ ᠨᠠᠮ ᠤᠨ ᠳᠠᠷᠤᠭ᠎ᠠ ᠼ ∙ ᠡᠯᠪᠡᠭᠳᠣᠷᠵᠢ 30 ᠬᠤᠪ ᠤᠨ ᠯᠤᠶᠢᠪᠠᠷ ᠭᠠᠷᠤᠯ᠎ᠠ ᠭᠡᠵᠦ ᠬᠡᠯᠡᠭᠰᠡᠨ᠃ ᠪᠢᠳᠡ ᠠᠯ ᠤᠨ ᠪᠣᠯᠭᠠᠨ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠤᠯᠬᠠᠶᠢᠷᠠ ᠶᠠᠪᠤᠬᠤ ᠪᠤᠢ᠃ ᠣᠳᠣ ᠪᠢᠳᠡ ᠥᠪᠡᠷᠰᠡᠳ ᠦᠨ ᠰᠣᠩᠭᠣᠯᠲᠠ ᠪᠠᠨ ᠬᠢᠬᠦ ᠴᠠᠭ ᠪᠣᠯᠤᠭᠰᠠᠨ》 ᠬᠡᠮᠡᠭᠰᠡᠨ ᠢᠶᠡᠷ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠶᠢᠷᠢ ᠷᠤ ᠨᠢᠭᠡᠳᠦᠭᠰᠡᠨ ᠵᠣᠬᠢᠶᠠᠨ ᠪᠠᠶᠢᠭᠤᠯᠤᠯᠲᠠ ᠪᠠᠷ ᠬᠥᠳᠡᠯᠦᠭᠰᠡᠨ ᠶᠤᠮ᠃ ᠶᠡᠬᠡ ᠤᠳᠠᠯ ᠦᠭᠡᠢ ᠵᠢᠭᠰᠠᠭᠴᠢᠳ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠶᠢᠷᠢ ᠷᠤ ᠳᠠᠭᠠᠷᠢᠵᠤ᠂ ᠬᠠᠭᠠᠯᠭ᠎ᠠ ᠶᠢ ᠨᠢ ᠡᠪᠳᠡᠵᠦ᠂ ᠴᠢᠯᠠᠭᠤᠨ ᠪᠥᠮᠪᠥᠭᠡ ᠬᠠᠭᠠᠯᠭ᠎ᠠ ᠡᠭᠦᠳᠡ᠂ ᠬᠠᠨ᠎ᠠ᠂ ᠴᠣᠩᠬᠣ ᠶᠢ ᠨᠢ ᠣᠨᠢᠯᠠᠵᠤ᠂ ᠰ ∙ ᠪᠠᠶᠠᠷ ᠠᠴᠠ᠂ ᠮᠣᠩᠭᠣᠯ ᠠᠷᠠᠳ ᠤᠨ ᠬᠤᠪᠢᠰᠬᠠᠯᠲᠤ ᠨᠠᠮ ᠠᠴᠠ ᠬᠠᠷᠢᠭᠤᠴᠠᠯᠭ᠎ᠠ ᠨᠡᠬᠡᠭᠰᠡᠨ᠂ ᠯᠤᠶᠢᠪᠠᠷ ᠢᠶᠠᠨ ᠵᠣᠭᠰᠣᠭᠠᠬᠤ ᠶᠢ ᠱᠠᠭᠠᠷᠳᠠᠵᠤ᠂ ᠭᠠᠮᠰᠢᠭ ᠲᠤ ᠦᠢᠯᠡ ᠶᠠᠪᠤᠳᠠᠯ ᠢ ᠡᠷᠴᠢᠮᠵᠢᠪᠡ᠃ ᠥᠪᠡᠷ ᠦᠨ ᠰᠠᠨᠠᠯ ᠢᠶᠠᠨ ᠮᠣᠩᠭᠣᠯ ᠠᠷᠠᠳ ᠤᠨ ᠬᠤᠪᠢᠰᠬᠠᠯᠲᠤ ᠨᠠᠮ ᠳᠦ ᠯᠤᠶᠢᠪᠠᠷᠳᠠᠭᠤᠯᠤᠭᠰᠠᠨ ᠭᠡᠳᠡᠭ ᠲᠦ ᠪᠡᠨ ᠢᠲᠡᠭᠡᠯᠲᠡᠢ ᠣᠯᠠᠨ ᠮᠢᠩᠭᠠᠨ ᠵᠢᠷ ᠦᠨ ᠰᠣᠩᠭᠣᠭᠴᠢᠳ ᠪᠠᠶᠢᠭᠰᠠᠨ᠃ ᠡᠨᠡ ᠦᠶ᠎ᠡ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠳᠠᠷᠤᠭ᠎ᠠ ᠰ ∙ ᠪᠠᠶᠠᠷ ᠨᠠᠮ ᠤᠨ ᠪᠠᠶᠢᠷᠢᠨ ᠳᠤ ᠪᠠᠨ ᠬᠡᠪᠯᠡᠯ ᠦᠨ ᠪᠠᠭ᠎ᠠ ᠬᠤᠷᠠᠯ ᠵᠠᠷᠯᠠᠪᠠ᠃ ᠲᠡᠷᠡᠪᠡᠷ ᠵᠢᠭᠰᠠᠭᠴᠢᠳ ᠢ 《ᠶᠠᠮᠠᠷ ᠬᠦᠮᠦᠰ ᠵᠢᠭᠰᠠᠴᠢ ᠪᠠᠶᠢᠭ᠎ᠠ ᠶᠢ ᠲᠠ ᠨᠠᠷ ᠬᠠᠷᠠᠵᠤ ᠪᠠᠶᠢᠭ᠎ᠠ ᠪᠢᠵᠡ ᠳ᠋ᠡ》 ᠭᠡᠰᠡᠨ ᠤᠳᠬ᠎ᠠ ᠪᠦᠬᠦᠢ ᠥᠭᠦᠯᠡᠪᠦᠷᠢ ᠪᠡᠷ ᠪᠠᠰᠤᠮᠵᠢᠯᠠᠭᠰᠠᠨ ᠨᠢ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠶᠢᠷᠢᠨ ᠤ ᠭᠠᠳᠠᠭ᠎ᠠ ᠲᠦᠢᠮᠡᠷ ᠮᠡᠲᠦ ᠬᠤᠷᠳᠤᠨ ᠲᠦᠭᠡᠭᠰᠡᠨ ᠶᠤᠮ᠃ ᠢᠩᠭᠢᠵᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠰᠢᠵᠠᠷᠠᠭᠤᠨ ᠳᠠᠷᠤᠭ᠎ᠠ ᠬᠢᠭᠡᠳ ᠮᠣᠩᠭᠣᠯ ᠤᠯᠤᠰ ᠤᠨ ᠶᠡᠷᠦᠩᠬᠡᠢ ᠰᠠᠶᠢᠳ ᠰ ∙ ᠪᠠᠶᠠᠷ ᠤᠨ ᠮᠡᠳᠡᠭᠳᠡᠯ ᠳᠠᠭᠤᠰᠤᠭᠰᠠᠨ ᠢᠶᠠᠷ ᠵᠢᠭᠰᠠᠭᠴᠢᠳ ᠨᠠᠮ ᠤᠨ ᠪᠠᠶᠢᠷᠢᠨ ᠤ ᠳᠣᠲᠣᠭᠰᠢ ᠣᠷᠣᠵᠤ᠂ ᠲᠦᠢᠮᠡᠷ ᠤᠲᠤᠭ᠎ᠠ ᠮᠠᠢ ᠳᠡᠭᠳᠡᠭᠡᠬᠦ ᠦᠢᠯᠡ ᠶᠠᠪᠤᠴᠠ ᠡᠬᠢᠯᠡᠵᠦ ᠪᠠᠶᠢᠪᠠ᠃ ᠡᠨᠡ ᠦᠶ᠎ᠡ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠶᠢᠷᠢ ᠬᠢᠭᠡᠳ ᠵᠢᠭᠰᠠᠭᠴᠢᠳ ᠤᠨ ᠳᠤᠮᠳᠠ ᠴᠠᠭᠳᠠᠭ᠎ᠠ ᠶᠢᠨ ᠬᠢᠨ ᠠᠮᠢᠳᠤ ᠪᠠᠮᠪᠠᠢ ᠪᠣᠯᠤᠨ ᠬᠠᠮᠠᠭᠠᠯᠠᠵᠤ᠂ ᠡᠭᠦᠳᠡᠨ ᠦ ᠬᠡᠰᠡᠭ ᠦᠨ ᠱᠠᠯᠠ ᠪᠠᠷ ᠲᠣᠭᠲᠠᠭᠰᠠᠨ ᠰᠢᠷᠠᠭᠳᠤᠭᠰᠠᠳ ᠤᠨ ᠴᠢᠰᠤ ᠤᠷᠤᠰᠴᠤ᠂ ᠵᠢᠭᠰᠠᠭᠴᠢ ᠳᠤ ᠴᠢᠯᠠᠭᠤ ᠰᠢᠳᠡᠨ ᠴᠣᠩᠬᠣ ᠬᠠᠭᠠᠯᠵᠤ᠂ ᠭᠠᠯ ᠲᠦᠢᠮᠡᠷ ᠭᠠᠷᠴᠤ ᠪᠠᠶᠢᠪᠠ᠃ ᠲᠡᠷᠡ ᠦᠶ᠎ᠡ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠤᠳᠤᠷᠢᠳᠤᠯᠭ᠎ᠠ ᠨᠤᠭᠤᠳ ᠨᠢᠭᠤᠴᠠ ᠪᠠᠷ᠂ ᠥᠨᠳᠥᠷ ᠬᠠᠮᠠᠭᠠᠯᠠᠯᠲᠠ ᠶᠢᠨ ᠳᠣᠣᠷ᠎ᠠ ᠪᠠᠶᠢᠷᠢ ᠪᠠᠨ ᠣᠷᠬᠢᠵᠤ ᠪᠠᠶᠢᠬᠤ ᠳᠤ᠂ ᠮᠡᠳᠡᠭᠡᠯᠡᠯ ᠢ ᠨᠢ ᠳᠠᠮᠵᠢᠭᠤᠯᠤᠭᠰᠠᠨ ᠬᠡᠪᠯᠡᠯ ᠦᠨ ᠠᠵᠢᠯᠲᠠᠨ ᠨᠤᠭᠤᠳ ᠢᠰᠭᠡᠷᠬᠦ ᠴᠢᠯᠠᠭᠤ᠂ ᠡᠰᠡᠷᠭᠦᠴᠡᠭᠴᠢᠳ ᠦᠨ ᠳᠠᠭᠠᠷᠢᠯᠲᠠ ᠠᠴᠠ ᠠᠮᠢ ᠥᠷᠢᠰᠬᠦ ᠮᠡᠲᠦ ᠨᠤᠭᠳᠤᠶᠢᠨ ᠵᠢᠭᠤᠳᠠᠵᠤ ᠭᠠᠷᠪᠠ᠃ 21 ᠴᠠᠭ ᠤᠨ ᠦᠶ᠎ᠡ ᠳᠦ ᠶᠡᠷᠦᠩᠬᠡᠶᠢᠯᠡᠭᠴᠢ ᠨ ∙ ᠡᠩᠬᠡᠪᠠᠶᠠᠷ ᠦᠢᠮᠡᠭᠡᠨ ᠵᠣᠭᠰᠣᠬᠤ ᠦᠭᠡᠢ ᠪᠣᠯ ᠣᠨᠴᠠ ᠪᠠᠶᠢᠳᠠᠯ ᠵᠠᠷᠯᠠᠬᠤ ᠪᠠᠨ ᠮᠡᠳᠡᠭᠳᠡᠭᠰᠡᠨ ᠪᠠᠶᠢᠨ᠎ᠠ᠃ ᠮᠣᠩᠭᠣᠯ ᠠᠷᠠᠳ ᠤᠨ ᠬᠤᠪᠢᠰᠬᠠᠯᠲᠤ ᠨᠠᠮ ᠢ ᠲᠣᠭᠣᠷᠢᠭᠰᠠᠨ ᠴᠠᠭᠳᠠᠭ᠎ᠠ ᠬᠢᠭᠡᠳ ᠵᠢᠭᠰᠠᠭᠴᠢᠳ ᠤᠨ ᠬᠣᠭᠣᠷᠣᠨᠳᠣ ᠮᠥᠷᠭᠥᠯᠳᠦᠭᠡᠨ ᠡᠨᠳᠡ ᠲᠡᠨᠳᠡ ᠭᠦᠢ ᠡᠭᠦᠰᠴᠦ᠂ ᠭᠠᠭᠠᠷᠠᠵᠤ ᠪᠠᠶᠢᠯ᠎ᠠ᠃ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠶᠢᠷᠢ 23 ᠴᠠᠭ ᠤᠨ ᠦᠶ᠎ᠡ ᠳᠦ ᠦᠨᠳᠦᠰᠦᠨ ᠳᠦ ᠪᠡᠨ ᠰᠢᠲᠠᠵᠤ᠂ ᠡᠨᠡ ᠦᠶ᠎ᠡ ᠳᠦ 50 ᠭᠠᠷᠤᠢ ᠵᠢᠷ ᠦᠨ ᠢᠷᠭᠡᠨ᠂ 30 ᠭᠠᠷᠤᠢ ᠴᠠᠭᠳᠠᠭ᠎ᠠ ᠭᠡᠮᠲᠦᠯ ᠦᠨ ᠡᠮᠨᠡᠯᠭᠡ ᠳᠦ ᠬᠦᠷᠭᠡᠭᠳᠡᠵᠦ᠂ 400 ᠭᠠᠷᠤᠢ ᠴᠠᠭᠳᠠᠭ᠎ᠠ ᠬᠦᠨᠳᠦ ᠬᠥᠩᠭᠡᠨ ᠭᠡᠮᠲᠦᠭᠰᠡᠨ ᠭᠡᠳᠡᠭ᠃ ᠡᠨᠡ ᠦᠶ᠎ᠡ ᠳᠦ ᠶᠡᠷᠦᠩᠬᠡᠶᠢᠯᠡᠭᠴᠢ ᠠᠰᠠᠨ ᠨ ∙ ᠡᠩᠬᠡᠪᠠᠶᠠᠷ ᠤᠨ ᠵᠠᠷᠯᠠᠭᠰᠠᠨ ᠦᠨᠳᠦᠰᠦᠨ ᠦ ᠠᠶᠤᠯ ᠦᠭᠡᠢ ᠪᠠᠶᠢᠳᠠᠯ ᠤᠨ ᠵᠥᠪᠯᠡᠯ ᠦᠨ ᠬᠤᠷᠠᠯᠳᠤᠭᠤᠯᠵᠤ ᠤᠯᠠᠮ ᠢᠶᠠᠷ 23:30 ᠮᠢᠨᠦ᠋ᠲ ᠲᠤ ᠶᠡᠷᠦᠩᠬᠡᠶᠢᠯᠡᠭᠴᠢ ᠶᠢᠨ ᠵᠠᠷᠯᠢᠭ ᠢᠶᠠᠷ ᠣᠨᠴᠠ ᠪᠠᠶᠢᠳᠠᠯ ᠲᠣᠭᠲᠠᠭᠠᠭᠰᠠᠨ ᠶᠤᠮ᠃ <ref>ᠭ᠊᠂ᠣᠳᠬᠠᠨᠵᠢᠷᠭᠠᠯ᠃ ᠬᠣᠶᠠᠷ ᠵᠢᠯ ᠦᠨ ᠡᠮᠦᠨᠡᠬᠢ ᠳᠣᠯᠤᠭᠠᠨ ᠰᠠᠷᠠᠶᠢᠨ ᠨᠢᠭᠡᠨ᠃ 2010</ref>

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width