Jump to content

Байгалийн Түүхийн Музей: Засвар хоорондын ялгаа

Wikibilig-с
edit
edit
14-р мөр: 14-р мөр:
ᠮᠥᠨ ᠣᠨ ᠊ᠤ 8 ᠰᠠᠷ ᠊ᠠ᠋ ᠊ᠢᠢᠨ 23 ᠊ᠤ ᠰᠣᠶᠣᠯ ᠤᠷᠠᠯᠢᠭ ᠊ᠤᠨ ᠬᠣᠷᠢᠶᠠᠨ ᠊ᠤ ᠳᠠᠷᠤᠭ᠎ ᠊ᠠ᠋ ᠊ᠢᠢᠨ 214 ᠊ᠳᠤᠭᠡᠷ ᠲᠤᠰᠢᠶᠠᠯ ᠭᠠᠷᠴᠤ᠂ ᠤᠯᠤᠰ ᠊ᠤᠨ ᠲᠥᠪ ᠮᠦᠽᠧᠢ ᠊ᠢᠢᠨ ᠪᠠᠢᠢᠭᠠᠯᠢ ᠊ᠢᠢᠨ ᠲᠠᠰᠤᠭ ᠊ᠢ ᠥᠷᠭᠡᠳᠬᠡᠵᠦ᠂ ᠮᠣᠩᠭᠣᠯ ᠊ᠤᠨ ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢ ᠪᠠᠢᠢᠭᠤᠯᠵᠤᠬᠤᠢ<ref>http://nhm.gov.mn</ref>᠃ ᠵᠠᠬᠢᠷᠠᠯ ᠊ᠢᠢᠠᠷ ᠠᠨᠤ ᠠᠯᠲᠠᠨᠭᠡᠷᠡᠯ ᠊ᠦᠨ ᠫᠡᠷᠯᠡᠢ ᠊ᠢᠢ ᠲᠣᠮᠢᠯᠠᠵᠡᠢ᠃
ᠮᠥᠨ ᠣᠨ ᠊ᠤ 8 ᠰᠠᠷ ᠊ᠠ᠋ ᠊ᠢᠢᠨ 23 ᠊ᠤ ᠰᠣᠶᠣᠯ ᠤᠷᠠᠯᠢᠭ ᠊ᠤᠨ ᠬᠣᠷᠢᠶᠠᠨ ᠊ᠤ ᠳᠠᠷᠤᠭ᠎ ᠊ᠠ᠋ ᠊ᠢᠢᠨ 214 ᠊ᠳᠤᠭᠡᠷ ᠲᠤᠰᠢᠶᠠᠯ ᠭᠠᠷᠴᠤ᠂ ᠤᠯᠤᠰ ᠊ᠤᠨ ᠲᠥᠪ ᠮᠦᠽᠧᠢ ᠊ᠢᠢᠨ ᠪᠠᠢᠢᠭᠠᠯᠢ ᠊ᠢᠢᠨ ᠲᠠᠰᠤᠭ ᠊ᠢ ᠥᠷᠭᠡᠳᠬᠡᠵᠦ᠂ ᠮᠣᠩᠭᠣᠯ ᠊ᠤᠨ ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢ ᠪᠠᠢᠢᠭᠤᠯᠵᠤᠬᠤᠢ<ref>http://nhm.gov.mn</ref>᠃ ᠵᠠᠬᠢᠷᠠᠯ ᠊ᠢᠢᠠᠷ ᠠᠨᠤ ᠠᠯᠲᠠᠨᠭᠡᠷᠡᠯ ᠊ᠦᠨ ᠫᠡᠷᠯᠡᠢ ᠊ᠢᠢ ᠲᠣᠮᠢᠯᠠᠵᠡᠢ᠃
ᠪᠠᠢᠢᠭᠠᠯᠢ ᠊ᠢᠢ ᠲᠡᠦᠬᠡ ᠊ᠢᠢᠨ ᠮᠦᠽᠧᠢ ᠊ᠳᠦ ᠦᠯᠡᠳᠡᠭᠰᠡᠨ ᠪᠠᠢᠢᠭᠠᠯᠢ ᠊ᠢᠢᠨ 8000 ᠣᠷᠴᠢᠮ ᠦᠵᠡᠮᠦᠷ ᠊ᠢ 1992 ᠣᠨ ᠊ᠳᠤ ᠠᠰᠢᠭᠯᠠᠵᠤ᠂ ᠰᠡᠷᠭᠦᠭᠡᠵᠦ᠂ ᠳᠡᠯᠡᠭᠡᠨ ᠦᠵᠡᠭᠦᠯᠬᠦ ᠪᠣᠯᠣᠭᠰᠠᠨ᠃
ᠪᠠᠢᠢᠭᠠᠯᠢ ᠊ᠢᠢ ᠲᠡᠦᠬᠡ ᠊ᠢᠢᠨ ᠮᠦᠽᠧᠢ ᠊ᠳᠦ ᠦᠯᠡᠳᠡᠭᠰᠡᠨ ᠪᠠᠢᠢᠭᠠᠯᠢ ᠊ᠢᠢᠨ 8000 ᠣᠷᠴᠢᠮ ᠦᠵᠡᠮᠦᠷ ᠊ᠢ 1992 ᠣᠨ ᠊ᠳᠤ ᠠᠰᠢᠭᠯᠠᠵᠤ᠂ ᠰᠡᠷᠭᠦᠭᠡᠵᠦ᠂ ᠳᠡᠯᠡᠭᠡᠨ ᠦᠵᠡᠭᠦᠯᠬᠦ ᠪᠣᠯᠣᠭᠰᠠᠨ᠃
ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢᠨ ᠦᠢᠯᠡ ᠠᠵᠢᠯᠯᠠᠭ᠎ ᠊ᠠ᠋ ᠊ᠢᠢ ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠊ᠤᠨ ᠰᠠᠢᠢᠳ ᠊ᠤᠨ 2013 ᠣᠨ ᠊ᠤ 5 ᠰᠠᠷ ᠊ᠠ᠋ ᠊ᠢᠢᠨ 31 ᠊ᠦ А/173 ᠊ᠳᠤᠭᠠᠷ ᠲᠤᠰᠢᠶᠠᠯ ᠊ᠢᠢᠠᠷ ᠵᠣᠭᠰᠤᠭᠠᠭᠰᠠᠨ ᠪᠠᠢᠢᠨ᠎ ᠊ᠠ᠋᠃ ᠮᠦᠽᠧᠢ ᠊ᠢᠢᠨ ᠪᠠᠷᠢᠯᠭ᠎ ᠊ᠠ᠋ ᠊ᠢᠢ ᠪᠠᠭᠤᠯᠭᠠᠬᠤ ᠲᠠᠢ ᠬᠣᠯᠪᠤᠭᠳᠠᠭᠤᠯᠤᠨ ᠦᠵᠡᠮᠦᠷ᠂ ᠡᠳ᠋ ᠬᠥᠷᠦᠩᠭᠡ ᠊ᠢᠢ ᠰᠠᠪᠯᠠᠬᠤ᠂ ᠪᠠᠭᠯᠠᠬᠤ᠂ ᠨᠡᠭᠦᠯᠭᠡᠨ ᠰᠢᠯᠵᠢᠭᠦᠯᠬᠦ ᠠᠵᠢᠯ ᠊ᠢ ᠮᠦᠽᠧᠢ ᠊ᠢᠢᠨ ᠵᠠᠬᠢᠷᠠᠯ ᠨ᠊᠂ ᠵᠣᠷᠢᠭᠲᠤᠪᠠᠭᠠᠲᠤᠷ ᠲᠤ ᠳᠠᠭᠠᠯᠭᠠᠵᠤᠬᠤᠢ᠃
ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢᠨ ᠦᠢᠯᠡ ᠠᠵᠢᠯᠯᠠᠭ᠎ ᠊ᠠ᠋ ᠊ᠢᠢ ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠊ᠤᠨ ᠰᠠᠢᠢᠳ ᠊ᠤᠨ 2013 ᠣᠨ ᠊ᠤ 5 ᠰᠠᠷ ᠊ᠠ᠋ ᠊ᠢᠢᠨ 31 ᠊ᠦ А/173 ᠊ᠳᠤᠭᠠᠷ ᠲᠤᠰᠢᠶᠠᠯ ᠊ᠢᠢᠠᠷ ᠵᠣᠭᠰᠤᠭᠠᠭᠰᠠᠨ ᠪᠠᠢᠢᠨ᠎ ᠊ᠠ᠋᠃ ᠮᠦᠽᠧᠢ ᠊ᠢᠢᠨ ᠪᠠᠷᠢᠯᠭ᠎ ᠊ᠠ᠋ ᠊ᠢᠢ ᠪᠠᠭᠤᠯᠭᠠᠬᠤ ᠲᠠᠢ ᠬᠣᠯᠪᠤᠭᠳᠠᠭᠤᠯᠤᠨ ᠦᠵᠡᠮᠦᠷ᠂ ᠡᠳ᠋ ᠬᠥᠷᠦᠩᠭᠡ ᠊ᠢᠢ ᠰᠠᠪᠯᠠᠬᠤ᠂ ᠪᠠᠭᠯᠠᠬᠤ᠂ ᠨᠡᠭᠦᠯᠭᠡᠨ ᠰᠢᠯᠵᠢᠭᠦᠯᠬᠦ ᠠᠵᠢᠯ ᠊ᠢ ᠮᠦᠽᠧᠢ ᠊ᠢᠢᠨ ᠵᠠᠬᠢᠷᠠᠯ ᠨ᠊᠂ ᠵᠣᠷᠢᠭᠲᠤᠪᠠᠭᠠᠲᠤᠷ ᠲᠤ ᠳᠠᠭᠠᠯᠭᠠᠵᠤᠬᠤᠢ<ref>ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠊ᠤᠨ ᠰᠠᠢᠢᠳ ᠊ᠤᠨ 2013 ᠣᠨ ᠊ᠤ 5 ᠰᠠᠷ ᠊ᠠ᠋ ᠊ᠢᠢᠨ 31 ᠊ᠦ А/173 ᠊ᠳᠤᠭᠠᠷ ᠲᠤᠰᠢᠶᠠᠯ</ref>᠃
ᠣᠯᠠᠨ ᠨᠡᠢᠢᠲᠡ ᠊ᠢᠢᠨ ᠡᠰᠡᠷᠭᠦᠴᠡᠯ ᠊ᠢ ᠦᠯᠦ ᠬᠠᠷᠠᠭᠠᠯᠵᠠᠨ ᠮᠦᠽᠧᠢ ᠊ᠢᠢᠨ ᠪᠠᠷᠢᠯᠭ᠎ ᠊ᠢᠢ 2019 ᠣᠨ ᠊ᠤ 12 ᠰᠠᠷ ᠊ᠠ᠋ ᠊ᠢᠢᠨ ᠡᠬᠢ ᠪᠡᠷ ᠪᠦᠷᠢᠨ ᠪᠠᠭᠤᠯᠭᠠᠨ ᠨᠤᠷᠠᠭᠠᠭᠰᠠᠨ ᠪᠢᠯᠡ᠃
ᠣᠯᠠᠨ ᠨᠡᠢᠢᠲᠡ ᠊ᠢᠢᠨ ᠡᠰᠡᠷᠭᠦᠴᠡᠯ ᠊ᠢ ᠦᠯᠦ ᠬᠠᠷᠠᠭᠠᠯᠵᠠᠨ ᠮᠦᠽᠧᠢ ᠊ᠢᠢᠨ ᠪᠠᠷᠢᠯᠭ᠎ ᠊ᠢᠢ 2019 ᠣᠨ ᠊ᠤ 12 ᠰᠠᠷ ᠊ᠠ᠋ ᠊ᠢᠢᠨ ᠡᠬᠢ ᠪᠡᠷ ᠪᠦᠷᠢᠨ ᠪᠠᠭᠤᠯᠭᠠᠨ ᠨᠤᠷᠠᠭᠠᠭᠰᠠᠨ ᠪᠢᠯᠡ᠃
= ᠮᠦᠽᠧᠢ ᠊ᠢᠢᠨ ᠦᠢᠯᠡ ᠠᠵᠢᠯᠯᠭ᠎ ᠊ᠠ᠋=
= ᠮᠦᠽᠧᠢ ᠊ᠢᠢᠨ ᠦᠢᠯᠡ ᠠᠵᠢᠯᠯᠭ᠎ ᠊ᠠ᠋=

23:58, 10 Арванхоёрдугаар сар 2019-ий байдлаарх засвар



ᠪᠠᠢᠢᠭᠠᠯᠢ ᠊ᠢᠢᠨ ᠲᠡᠦᠬᠡ ᠊ᠢᠢᠨ ᠮᠦᠽᠧᠢ

ᠪᠠᠢᠢᠭᠠᠯᠢ ᠊ᠢᠢᠨ ᠲᠡᠦᠬᠡ ᠊ᠢᠢᠨ ᠮᠦᠽᠧᠢ ᠢᠨᠦ ᠮᠣᠩᠭᠣᠯ ᠣᠷᠣᠨ ‌᠊ᠤ ᠤᠷᠭᠤᠮᠠᠯ᠂ ᠠᠮᠢᠲᠠᠨ ᠊ᠤ ᠠᠢᠢᠮᠠᠭ᠂ ᠭᠠᠵᠠᠷ ᠵᠦᠢ᠂ ᠭᠧᠣᠯᠣᠭᠢ᠂ ᠫᠠᠯᠧᠣᠨᠲ᠋ᠣᠯᠣᠭᠢ᠂ ᠬᠦᠮᠦᠨ ᠰᠤᠳᠤᠯᠠᠯ ᠲᠠᠢ ᠬᠣᠯᠪᠤᠭ ᠊ᠠ᠋ ᠲᠠᠢ ᠣᠯᠳᠠᠪᠤᠷᠢ ᠨᠤᠭᠤᠳ ᠊ᠤᠨ ᠪᠠᠶᠠᠯᠢᠭ ᠴᠤᠭᠯᠠᠭᠤᠯᠭ᠎ ᠊ᠠ᠋᠋ ᠶᠤᠮ᠃ ᠮᠣᠩᠭᠸᠯ ᠤᠯᠤᠰ ᠊ᠤᠨ ᠤᠤᠭᠠᠨ ᠮᠦᠽᠧᠢ ᠨᠤᠭᠦᠳ ᠊ᠤᠨ ᠨᠢᠭᠡ᠃ ᠤᠯᠠᠭᠠᠨᠪᠠᠭᠠᠲᠤᠷ ᠬᠣᠲᠠ ᠊ᠢᠢᠨ ᠲᠥᠪ᠂ ᠵᠠᠯᠠᠭᠤᠴᠤᠳ ᠊ᠤᠨ ᠥᠷᠭᠡᠨ ᠴᠢᠯᠦᠭᠡᠨ ᠊ᠳᠦ ᠨᠧᠣ - ᠻᠯᠠᠰᠰᠢᠼᠢᠰᠮ ᠮᠠᠶᠢᠭ ᠊ᠤᠨ 3 ᠳᠠᠪᠬᠤᠷᠢ ᠪᠠᠢᠢᠰᠢᠨ ᠊ᠳᠤ ᠪᠠᠢᠢᠷᠢᠯᠠᠳᠠᠭ (2019 ᠣᠨ ᠊ᠤ 12 ᠰᠠᠷ ᠊ᠠ᠋ ᠬᠦᠷᠲᠡᠯ ᠊ᠡ᠋) ᠃ ᠮᠦᠽᠧᠢ ᠢᠨᠦ ᠨᠡᠢᠢᠲᠡ 12000 ᠦᠵᠡᠮᠦᠷᠢ᠂ ᠴᠤᠭᠯᠠᠭᠤᠯᠭ᠎ ᠊ᠠ᠋᠋ ᠲᠠᠢ᠂ ᠲᠡᠳᠡᠭᠡᠷ ᠊ᠦᠨ 40 ᠣᠷᠴᠢᠮ ᠬᠤᠪᠢ ᠊ᠢᠢ ᠲᠠᠩᠬᠢᠮ ᠊ᠳᠤ ᠪᠠᠨ ᠳᠡᠯᠭᠡᠨ ᠦᠵᠡᠭᠦᠯᠳᠡᠭ᠃ ᠶᠡᠷᠦᠩᠬᠡᠢ ᠪᠣᠯᠪᠠᠰᠤᠷᠠᠯ ᠊ᠤᠨ ᠰᠤᠷᠭᠠᠭᠤᠯᠢ ᠊ᠢᠢᠨ ᠰᠤᠷᠤᠭᠴᠢᠳ᠂ ᠶᠡᠬᠡ ᠳᠡᠭᠡᠳᠦ ᠰᠤᠷᠭᠠᠭᠤᠯᠢ ᠊ᠢᠢᠨ ᠣᠶᠤᠲᠠᠨ ᠨᠤᠭᠤᠳ ᠊ᠤᠨ ᠲᠠᠨᠢᠨ ᠮᠡᠳᠡᠬᠦᠢ ᠊ᠢᠢᠨ ᠨᠡᠩ ᠴᠢᠬᠤᠯᠠ ᠡᠬᠢ ᠰᠤᠷᠪᠤᠯᠵᠢ ᠪᠣᠯᠳᠠᠭ[1]᠃ ᠲᠡᠭᠦᠨᠴᠢᠯᠡᠨ ᠣᠯᠠᠨ ᠨᠡᠢᠢᠲᠡ᠂ ᠭᠠᠳᠠᠭᠠᠳᠤ ᠊ᠢᠢᠨ ᠵᠢᠭᠤᠯᠴᠢᠳ ᠊ᠤᠨ ᠬᠠᠮᠤᠭ ᠊ᠤᠨ ᠰᠣᠨᠢᠷᠬᠠᠵᠤ ᠦᠵᠡᠳᠡᠭ᠂ ᠮᠣᠩᠭᠣᠯ ᠤᠯᠤᠰ ᠊ᠤᠨ ᠪᠠᠬᠠᠷᠬᠠᠯ ᠪᠣᠯᠤᠭᠰᠠᠨ ᠦᠵᠡᠪᠦᠷᠢ ᠶᠤᠮ᠃

ᠮᠦᠽᠡᠢ ᠊ᠢᠢᠨ ᠲᠡᠦᠬᠡ



ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢᠨ ᠡᠬᠢ ᠡᠭᠦᠰᠪᠦᠷᠢ 1924 ᠣᠨ ᠊ᠳᠤ ᠲᠠᠯᠪᠢᠭᠳᠠᠵᠤ᠂ ᠰᠤᠳᠤᠷ ᠪᠢᠴᠢᠭ ᠊ᠦᠨ ᠬᠦᠷᠢᠶᠡᠯᠡᠩ ᠊ᠦᠨ ᠳᠡᠷᠭᠡᠳᠡ᠂ ᠣ᠂ ᠵᠠᠮᠢᠶᠠᠨ ᠭᠦᠩ ᠳᠠᠷᠤᠭ᠍ ᠊ᠠ᠋᠋ ᠲᠠᠢ ᠦᠢᠯᠡ ᠠᠵᠢᠯᠠᠯᠭ᠍ᠠ᠋ ᠶᠠᠪᠤᠭᠤᠯᠵᠤ ᠡᠬᠢᠯᠡᠭᠰᠡᠨ ᠪᠠᠢᠢᠨ᠎ ᠊ᠠ᠋᠋ ᠃ ᠡᠨᠡᠬᠦ ᠮᠦᠽᠧᠢ ᠢᠨᠦ 1940 ᠣᠨ ᠊ᠳᠤ ᠣᠷᠣᠨ ᠨᠤᠲᠤᠭ ᠰᠤᠳᠤᠯᠬᠤ ᠤᠯᠤᠰ ᠊ᠤᠨ ᠲᠥᠪ ᠮᠦᠽᠧᠢ ᠬᠡᠮᠡᠭᠳᠡᠵᠦ ᠪᠠᠢᠢᠭᠠᠳ᠂ 1956 ᠣᠨ ᠊ᠳᠤ ᠤᠯᠤᠰ ᠊ᠤᠨ ᠲᠥᠪ ᠮᠦᠽᠧᠢ ᠪᠣᠯᠣᠭᠰᠠᠨ ᠪᠠᠢᠢᠨ᠎ ᠊᠋ᠠ᠋[2]᠃ ᠤᠯᠤᠰ ᠊ᠤᠨ ᠲᠥᠪ ᠮᠦᠽᠧᠢ ᠊ᠢᠢᠨ ᠨᠢᠭᠡᠳᠦᠭᠡᠷ ᠳᠠᠪᠬᠤᠷ ᠲᠤ ᠮᠣᠩᠭᠣᠯ ᠥᠷᠥᠨ ᠊ᠤ ᠭᠠᠵᠠᠷ ᠵᠦᠢ᠂ ᠭᠧᠣᠯᠣᠭᠢ᠂ ᠠᠭᠤᠯᠠ ᠠᠭᠤᠷᠬᠠᠢ᠂ ᠤᠷᠭᠤᠮᠠᠯ᠂ ᠠᠮᠢᠲᠠᠨ ᠊ᠤ ᠠᠢᠢᠮᠠᠭ᠂ ᠰᠢᠪᠠᠵᠢ ᠨᠤᠭᠤᠳ ᠊ᠤᠨ ᠦᠵᠡᠮᠦᠷ ᠊ᠦᠨ ᠲᠠᠰᠤᠭ ᠊ᠤᠳ ᠪᠠᠢᠢᠪᠠ᠃ ᠬᠣᠶᠠᠳᠤᠭᠠᠷ ᠳᠠᠪᠬᠤᠷ ᠲᠤ ᠮᠣᠩᠭᠣᠯ ᠣᠷᠣᠨ ᠊ᠤ ᠫᠠᠯᠧᠣᠨᠲ᠋ᠣᠯᠣᠭᠢ ᠊ᠢᠢᠨ ᠣᠯᠳᠠᠪᠤᠷᠢ᠂ ᠡᠷᠲᠡᠨ ᠊ᠦ ᠤᠷᠭᠤᠮᠠᠯ᠂ ᠠᠮᠢᠲᠠᠨ᠂ ᠠᠪᠤᠷᠭ᠎ ᠊ᠠ᠋᠋ ᠦᠯᠦᠭ ᠭᠦᠷᠪᠡᠯ᠂ ᠡᠷᠲᠡᠨ ᠊ᠦ ᠬᠥᠬᠦᠲᠡᠨ ᠠᠮᠢᠲᠠᠨ ᠊ᠤ ᠣᠯᠳᠠᠪᠤᠷᠢ ᠊ᠢᠢᠨ ᠦᠵᠡᠮᠦᠷ ᠊ᠦᠨ ᠲᠠᠰᠤᠭ᠂ ᠳᠡᠭᠡᠳᠦ ᠳᠠᠪᠬᠤᠷ ᠲᠤ ᠮᠣᠩᠭᠣᠯ ᠤᠯᠤᠰ ᠊ᠤᠨ ᠲᠡᠦᠬᠡ ᠊ᠢᠢᠨ ᠨᠡᠩ ᠡᠷᠲᠡᠨ ᠡᠴᠡ ᠡᠳᠦᠭᠡ ᠬᠦᠷᠲᠡᠯᠡᠬᠢ ᠦᠢ ᠊ᠡ᠋᠋ ᠲᠡᠦᠬᠡ ᠊ᠢᠢᠨ ᠲᠠᠰᠤᠭ ᠠᠵᠢᠯᠯᠠᠵᠤ ᠪᠠᠢᠢᠪᠠ᠃ ᠪᠦᠭᠦᠳᠡ ᠨᠠᠢᠢᠷᠠᠮᠳᠠᠬᠤ ᠮᠣᠩᠭᠣᠯ ᠠᠷᠠᠳ ᠤᠯᠤᠰ ᠊ᠤᠨ ᠵᠠᠰᠠᠭ ᠨ ᠭᠠᠵᠠᠷ ᠊ᠤᠨ ᠳᠡᠷᠭᠡᠳᠡᠬᠢ ᠰᠣᠶᠣᠯ ᠤᠷᠠᠯᠢᠭ ᠊ᠤᠨ ᠬᠥᠭᠵᠢᠯ ᠊ᠦᠨ ᠬᠣᠷᠢᠶᠠᠨ ᠊ᠤ ᠳᠠᠷᠤᠭ᠎ ᠊ᠠ᠋ ᠊ᠢᠢᠨ 1991 ᠣᠨ ᠊ᠤ 5 ᠰᠠᠷ ᠊ᠠ᠋ ᠊ᠢᠢᠨ 13 ᠊ᠤ 116 ᠊ᠳᠤᠭᠠᠷ ᠲᠤᠰᠢᠶᠠᠯ ‍ᠢᠢᠠᠷ ᠮᠣᠩᠭᠣᠯ ᠠᠷᠠᠳ ᠊ᠤᠨ ᠬᠤᠪᠢᠰᠬᠠᠯ ᠊ᠤᠨ ᠮᠦᠽᠧᠢ ᠊ᠢᠢ ᠲᠠᠲᠤᠨ ᠪᠠᠭᠤᠯᠭᠠᠵᠤ᠂ ᠰᠢᠨ᠎ ᠊ᠡ᠋ ᠪᠡᠷ ᠦᠨᠳᠦᠰᠦᠨ ᠊ᠦ ᠲᠡᠦᠬᠡ ᠊ᠢᠢᠨ ᠮᠦᠽᠧᠢ ᠊ᠢᠢ ᠪᠠᠢᠢᠭᠤᠯᠵᠤᠬᠤᠢ[3]᠃ ᠡᠨᠡ ᠦᠨᠳᠦᠰᠦᠨ ᠳᠡᠭᠡᠷ ᠊ᠡ᠋ ᠤᠯᠤᠰ ᠊ᠤᠨ ᠲᠥᠪ ᠮᠦᠽᠧᠢ ᠊ᠳᠦ ᠪᠠᠢᠢᠭᠰᠠᠨ ᠮᠣᠩᠭᠣᠯ ᠤᠯᠤᠰ ᠊ᠤᠨ ᠲᠡᠦᠬᠡ ᠊ᠢᠢᠨ ᠬᠣᠯᠪᠭᠳᠠᠯ ᠲᠠᠢ ᠦᠵᠡᠮᠦᠷ ᠊ᠦᠳ ᠰᠢᠨ᠎ ᠊ᠡ᠋ ᠲᠤᠲᠤᠮ ᠪᠠᠢᠢᠭᠤᠯᠤᠭᠳᠠᠭᠰᠠᠨ ᠦᠨᠳᠦᠰᠦᠨ ᠊ᠦ ᠲᠡᠦᠬᠡ ᠊ᠢᠢᠨ ᠮᠦᠽᠧᠢ ᠊ᠳᠦᠷ ᠰᠢᠯᠵᠢᠭᠰᠡᠨ ᠪᠠᠢᠢᠨ᠎ ᠊ᠠ᠋᠃ ᠤᠯᠤᠰ ᠊ᠤᠨ ᠲᠥᠪ ᠮᠦᠽᠧᠢ 1991 ᠣᠨ ᠪᠠᠢᠢᠳᠠᠯ ᠊ᠢᠢᠠᠷ 50000 ᠣᠷᠴᠢᠮ ᠦᠵᠡᠮᠦᠷ ᠲᠠᠢ ᠪᠠᠢᠢᠭᠰᠠᠨ ᠡᠴᠡ 84 ᠬᠤᠪᠢ ᠪᠤᠶᠤ ᠲᠡᠦᠬᠡ᠂ ᠤᠭᠰᠠᠭᠠᠲᠠᠨ ᠊ᠤ ᠵᠦᠢ ᠊ᠢᠢᠨ 48000 ᠦᠵᠡᠮᠦᠷ ᠊ᠢ ᠦᠨᠳᠦᠰᠦᠨ ᠊ᠦ ᠲᠡᠦᠬᠡ ᠊ᠢᠢᠨ ᠮᠦᠽᠧᠢ ᠊ᠳᠦ ᠰᠢᠯᠵᠢᠭᠦᠯᠵᠦᠬᠦᠢ᠃ ᠮᠥᠨ ᠣᠨ ᠊ᠤ 8 ᠰᠠᠷ ᠊ᠠ᠋ ᠊ᠢᠢᠨ 23 ᠊ᠤ ᠰᠣᠶᠣᠯ ᠤᠷᠠᠯᠢᠭ ᠊ᠤᠨ ᠬᠣᠷᠢᠶᠠᠨ ᠊ᠤ ᠳᠠᠷᠤᠭ᠎ ᠊ᠠ᠋ ᠊ᠢᠢᠨ 214 ᠊ᠳᠤᠭᠡᠷ ᠲᠤᠰᠢᠶᠠᠯ ᠭᠠᠷᠴᠤ᠂ ᠤᠯᠤᠰ ᠊ᠤᠨ ᠲᠥᠪ ᠮᠦᠽᠧᠢ ᠊ᠢᠢᠨ ᠪᠠᠢᠢᠭᠠᠯᠢ ᠊ᠢᠢᠨ ᠲᠠᠰᠤᠭ ᠊ᠢ ᠥᠷᠭᠡᠳᠬᠡᠵᠦ᠂ ᠮᠣᠩᠭᠣᠯ ᠊ᠤᠨ ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢ ᠪᠠᠢᠢᠭᠤᠯᠵᠤᠬᠤᠢ[4]᠃ ᠵᠠᠬᠢᠷᠠᠯ ᠊ᠢᠢᠠᠷ ᠠᠨᠤ ᠠᠯᠲᠠᠨᠭᠡᠷᠡᠯ ᠊ᠦᠨ ᠫᠡᠷᠯᠡᠢ ᠊ᠢᠢ ᠲᠣᠮᠢᠯᠠᠵᠡᠢ᠃ ᠪᠠᠢᠢᠭᠠᠯᠢ ᠊ᠢᠢ ᠲᠡᠦᠬᠡ ᠊ᠢᠢᠨ ᠮᠦᠽᠧᠢ ᠊ᠳᠦ ᠦᠯᠡᠳᠡᠭᠰᠡᠨ ᠪᠠᠢᠢᠭᠠᠯᠢ ᠊ᠢᠢᠨ 8000 ᠣᠷᠴᠢᠮ ᠦᠵᠡᠮᠦᠷ ᠊ᠢ 1992 ᠣᠨ ᠊ᠳᠤ ᠠᠰᠢᠭᠯᠠᠵᠤ᠂ ᠰᠡᠷᠭᠦᠭᠡᠵᠦ᠂ ᠳᠡᠯᠡᠭᠡᠨ ᠦᠵᠡᠭᠦᠯᠬᠦ ᠪᠣᠯᠣᠭᠰᠠᠨ᠃ ᠪᠠᠢᠢᠭᠠᠯᠢ ᠊ᠢᠢᠨ ᠲᠡᠦᠬᠡ ᠊ᠢᠢᠨ ᠮᠦᠽᠧᠢ ᠊ᠢᠢᠨ ᠦᠢᠯᠡ ᠠᠵᠢᠯᠯᠠᠭ᠎ ᠊ᠠ᠋ ᠊ᠢᠢ ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠊ᠤᠨ ᠰᠠᠢᠢᠳ ᠊ᠤᠨ 2013 ᠣᠨ ᠊ᠤ 5 ᠰᠠᠷ ᠊ᠠ᠋ ᠊ᠢᠢᠨ 31 ᠊ᠦ А/173 ᠊ᠳᠤᠭᠠᠷ ᠲᠤᠰᠢᠶᠠᠯ ᠊ᠢᠢᠠᠷ ᠵᠣᠭᠰᠤᠭᠠᠭᠰᠠᠨ ᠪᠠᠢᠢᠨ᠎ ᠊ᠠ᠋᠃ ᠮᠦᠽᠧᠢ ᠊ᠢᠢᠨ ᠪᠠᠷᠢᠯᠭ᠎ ᠊ᠠ᠋ ᠊ᠢᠢ ᠪᠠᠭᠤᠯᠭᠠᠬᠤ ᠲᠠᠢ ᠬᠣᠯᠪᠤᠭᠳᠠᠭᠤᠯᠤᠨ ᠦᠵᠡᠮᠦᠷ᠂ ᠡᠳ᠋ ᠬᠥᠷᠦᠩᠭᠡ ᠊ᠢᠢ ᠰᠠᠪᠯᠠᠬᠤ᠂ ᠪᠠᠭᠯᠠᠬᠤ᠂ ᠨᠡᠭᠦᠯᠭᠡᠨ ᠰᠢᠯᠵᠢᠭᠦᠯᠬᠦ ᠠᠵᠢᠯ ᠊ᠢ ᠮᠦᠽᠧᠢ ᠊ᠢᠢᠨ ᠵᠠᠬᠢᠷᠠᠯ ᠨ᠊᠂ ᠵᠣᠷᠢᠭᠲᠤᠪᠠᠭᠠᠲᠤᠷ ᠲᠤ ᠳᠠᠭᠠᠯᠭᠠᠵᠤᠬᠤᠢ[5]᠃ ᠣᠯᠠᠨ ᠨᠡᠢᠢᠲᠡ ᠊ᠢᠢᠨ ᠡᠰᠡᠷᠭᠦᠴᠡᠯ ᠊ᠢ ᠦᠯᠦ ᠬᠠᠷᠠᠭᠠᠯᠵᠠᠨ ᠮᠦᠽᠧᠢ ᠊ᠢᠢᠨ ᠪᠠᠷᠢᠯᠭ᠎ ᠊ᠢᠢ 2019 ᠣᠨ ᠊ᠤ 12 ᠰᠠᠷ ᠊ᠠ᠋ ᠊ᠢᠢᠨ ᠡᠬᠢ ᠪᠡᠷ ᠪᠦᠷᠢᠨ ᠪᠠᠭᠤᠯᠭᠠᠨ ᠨᠤᠷᠠᠭᠠᠭᠰᠠᠨ ᠪᠢᠯᠡ᠃

ᠮᠦᠽᠧᠢ ᠊ᠢᠢᠨ ᠦᠢᠯᠡ ᠠᠵᠢᠯᠯᠭ᠎ ᠊ᠠ᠋



ᠪᠠᠢᠢᠭᠠᠯᠢ ᠊ᠢᠢᠨ ᠲᠡᠦᠬᠡ ᠊ᠢᠢᠨ ᠮᠦᠽᠧᠢ ᠭᠧᠣᠯᠣᠭᠢ ᠭᠠᠵᠠᠷ ᠵᠦᠢ᠂ ᠤᠷᠭᠤᠮᠠᠯ ᠠᠮᠢᠲᠠᠨ ᠊ᠤ ᠠᠢᠢᠮᠠᠭ᠂ ᠫᠠᠯᠧᠣᠨᠲ᠋ᠣᠯᠣᠭᠢ᠂ ᠬᠦᠮᠦᠨ ᠰᠤᠳᠤᠯᠠᠯ ᠭᠡᠰᠡᠨ ᠦᠨᠳᠦᠰᠦᠨ ᠰᠠᠯᠪᠤᠷᠢ ᠬᠠᠮᠤᠷᠳᠠᠭ᠃ ᠲᠤᠰ ᠮᠦᠽᠧᠢ ᠳᠡᠯᠡᠬᠡᠢ ᠊ᠢᠢᠨ ᠡᠭᠦᠰᠡᠯ ᠡᠴᠡ ᠡᠬᠢᠯᠡᠨ ᠤᠷᠭᠤᠮᠠᠯ᠂ ᠠᠮᠢᠲᠠ᠂ ᠬᠦᠮᠦᠨ ᠊ᠦ ᠭᠠᠷᠤᠯ ᠡᠭᠦᠰᠡᠯ ᠊ᠢ ᠬᠠᠮᠤᠷᠠᠭᠰᠠᠨ 4.7 ᠲᠡᠷᠪᠤᠮ ᠵᠢᠯ ᠊ᠦᠨ ᠠᠰᠤᠷᠤ ᠤᠷᠲᠤ ᠬᠤᠭᠠᠴᠠᠭᠠᠨ ᠊ᠤ ᠲᠡᠦᠬᠡ ᠊ᠢᠢᠨ ᠦᠢᠯᠡ ᠶᠠᠪᠤᠳᠠᠯ ᠊ᠢ ᠦᠵᠡᠮᠦᠷ ᠊ᠢᠢᠡᠷ ᠲᠣᠳᠣᠳᠬᠠᠨ ᠬᠠᠷᠠᠭᠤᠯᠵᠤ ᠰᠤᠷᠲᠠᠯᠴᠢᠯᠳᠠᠭ᠃

ᠵᠢᠷᠤᠭ ᠊ᠤᠨ ᠴᠣᠮᠣᠭ

ᠲᠦᠯᠬᠢᠭᠦᠷ ᠦᠭᠡᠰ

Байгалийн Түүхийн Музей
палеонтологи
газар зүй
геологи
Музей Натуральной Истории Монголии
Natural History Museum of Mongolia

ᠰᠡᠳᠬᠢᠭᠳᠡᠯ

<Comments/>

ᠡᠬᠢ ᠰᠤᠷᠪᠤᠯᠵᠢ

  1. http://nhm.gov.mn
  2. http://youth.ub.gov.mn/wp-content/uploads/2017/06/ Үндэсний-түүхийн-музей.pdf
  3. http://youth.ub.gov.mn/wp-content/uploads/2017/06/ Үндэсний-түүхийн-музей.pdf
  4. http://nhm.gov.mn
  5. ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠊ᠤᠨ ᠰᠠᠢᠢᠳ ᠊ᠤᠨ 2013 ᠣᠨ ᠊ᠤ 5 ᠰᠠᠷ ᠊ᠠ᠋ ᠊ᠢᠢᠨ 31 ᠊ᠦ А/173 ᠊ᠳᠤᠭᠠᠷ ᠲᠤᠰᠢᠶᠠᠯ