Байгалийн Түүхийн Музей

Wikibilig-с
Файл:Mountain goat in front of the Natural History Museum - Ulan Bator (Mongolia).jpg
ᠪᠠᠢᠢᠭᠠᠯᠢ ᠶ᠋᠋ᠢᠨ
ᠲᠡᠦᠬᠡ ᠶ᠋ᠢᠨ
ᠮᠦ᠋ᠽᠧᠶ ᠶ᠋ᠢᠨ
ᠪᠠᠷᠢᠯᠭ᠎ ‍ᠠ᠋

ᠪᠠᠢᠢᠭᠠᠯᠢ ᠢᠢᠨ ᠲᠡᠦᠭᠡ ᠢᠢᠨ ᠮᠦᠽᠸᠢ[засварлах | кодоор засварлах]

ᠪᠠᠢᠢᠭᠠᠯᠢ ᠊ᠢᠢᠨ ᠲᠡᠦᠬᠡ ᠢᠢᠨ ᠮᠦᠽᠸᠢ ᠨᠢ ᠮᠣᠩᠭᠣᠯ ᠣᠷᠣᠨ ᠤ ᠤᠷᠭᠤᠮᠠᠯ᠂ ᠠᠮᠢᠲᠠᠨ ᠤ ᠠᠢᠢᠮᠠᠭ᠂ ᠭᠠᠵᠠᠷ ᠵᠦᠢ᠂ ᠭᠧᠣᠯᠣᠭᠢ᠂ ᠫᠠᠯᠧᠣᠨᠲ᠋ᠣᠯᠣᠭᠢ᠂ ᠬᠦᠮᠦᠨ ᠰᠤᠳᠤᠯᠠᠯ ᠲᠠᠢ ᠬᠣᠯᠪᠤᠭ᠎ᠠ ᠲᠠᠢ ᠣᠯᠳᠠᠪᠤᠷᠢ ᠨᠤᠭᠤᠳ ᠤᠨ ᠪᠠᠶᠠᠯᠢᠭ ᠴᠤᠭᠯᠠᠭᠤᠯᠭ᠎ᠠ ᠶᠤᠮ᠃ ᠮᠣᠩᠭᠤᠯ ᠤᠯᠤᠰ ᠤᠨ ᠤᠤᠭᠠᠨ ᠮᠦᠽᠧᠢ ᠨᠤᠭᠦᠳ ᠤᠨ ᠨᠢᠭᠡ᠃ ᠤᠯᠠᠭᠠᠨᠪᠠᠭᠠᠲᠤᠷ ᠬᠣᠲᠠ ᠊ᠢᠢᠨ ᠲᠥᠪ᠂ ᠵᠠᠯᠠᠭᠤᠴᠤᠳ ᠤᠨ ᠥᠷᠭᠡᠨ ᠴᠢᠯᠦᠭᠡᠨ ᠳᠤ ᠨᠸᠤ᠋ - ᠻᠯᠠᠰᠰᠢᠼᠢᠰᠮ ᠮᠠᠶᠢᠭ ᠤᠨ 3 ᠳᠠᠪᠬᠤᠷ ᠪᠠᠢᠢᠰᠢᠩ ᠳᠤ ᠪᠠᠢᠢᠷᠢᠯᠠᠳᠠᠭ (2019 ᠣᠨ ᠤ 12 ᠰᠠᠷ᠎ᠠ ᠬᠦᠷᠲᠡᠯ᠎ᠡ ) ᠮᠦᠽᠧᠢ ᠨᠢ ᠨᠡᠢᠢᠲᠡ 12000 ᠦᠵᠡᠮᠦᠷᠢ᠂ ᠴᠤᠭᠯᠠᠭᠤᠯᠭ᠎ᠠ ᠲᠠᠢ᠂ ᠲᠡᠳᠡᠭᠡᠷ ᠤᠨ 40 ᠣᠷᠴᠢᠮ ᠬᠤᠪᠢ ᠵᠢ ᠲᠠᠩᠬᠢᠮ ᠳᠠᠭᠠᠨ ᠳᠡᠯᠭᠡᠨ ᠦᠵᠡᠭᠦᠯᠳᠡᠭ᠃ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠰᠤᠷᠤᠭᠴᠢᠳ᠂ ᠶᠡᠬᠡ ᠳᠡᠭᠡᠳᠦ ᠰᠤᠷᠭᠠᠭᠤᠯᠢ ᠢᠢᠨ ᠣᠶᠤᠲᠠᠨ ᠨᠤᠭᠤᠳ ᠤᠨ ᠲᠠᠨᠢᠨ ᠮᠡᠳᠡᠬᠦᠢ ᠢᠢᠨ ᠨᠡᠩ ᠴᠢᠬᠤᠯᠠ ᠡᠬᠢ ᠰᠤᠷᠪᠤᠯᠵᠢ ᠪᠣᠯᠳᠠᠭ[1]᠃ ᠲᠡᠭᠦᠨᠴᠢᠯᠡᠨ ᠣᠯᠠᠨ ᠨᠡᠢᠢᠲᠡ᠂ ᠭᠠᠳᠠᠭᠠᠳᠤ ᠢᠢᠨ ᠵᠢᠭᠤᠯᠴᠢᠳ ᠤᠨ ᠬᠠᠮᠤᠭ ᠤᠨ ᠰᠣᠨᠢᠷᠬᠠᠵᠤ ᠦᠵᠡᠳᠡᠭ᠂ ᠮᠣᠩᠭᠣᠯ ᠤᠯᠤᠰ ᠤᠨ ᠪᠠᠬᠠᠷᠬᠠᠯ ᠪᠣᠯᠤᠭᠰᠠᠨ ᠦᠵᠡᠪᠦᠷᠢ ᠶᠤᠮ᠃

ᠮᠦᠽᠡᠢ ᠢᠢᠨ ᠲᠡᠦᠬᠡ[засварлах | кодоор засварлах]

ᠲᠡᠦᠬᠡ
ᠰᠣᠶᠣᠯ ᠦ᠋ᠨ
ᠳᠤᠷᠠᠰᠬᠠᠯ
ᠪᠣᠯᠤᠭᠰᠠᠨ
ᠪᠠᠷᠢᠯᠭ᠎ ‍ᠠ᠋ ᠶ᠋ᠢ
2019
ᠣᠨ ᠳ᠋ᠤ
ᠡᠪᠳᠡᠵᠦ
ᠰᠦᠢᠳᠬᠡᠭᠰᠡ

ᠪᠠᠢᠢᠭᠠᠯᠢ ᠢᠢᠨ ᠲᠡᠦᠬᠡ ᠊ᠢᠢᠨ ᠮᠦᠽᠧᠢ ᠢᠢᠨ ᠡᠬᠢ ᠡᠭᠦᠰᠪᠦᠷᠢ 1924 ᠣᠨ ᠳᠤ ᠲᠠᠯᠪᠢᠭᠳᠠᠵᠤ᠂ ᠰᠤᠳᠤᠷ ᠪᠢᠴᠢᠭ ᠊ᠦᠨ ᠬᠦᠷᠢᠶᠡᠯᠡᠩ ᠤᠨ ᠳᠡᠷᠭᠡᠳᠡ᠂ ᠣ᠂ ᠵᠠᠮᠢᠶᠠᠨ ᠭᠦᠩ ᠳᠠᠷᠤᠭ᠎ᠠ ᠲᠠᠢ ᠦᠢᠯᠡ ᠠᠵᠢᠯᠠᠯᠭ᠍ᠠ᠋ ᠶᠠᠪᠤᠭᠤᠯᠵᠤ ᠡᠬᠢᠯᠡᠭᠰᠡᠨ ᠪᠠᠢᠢᠨ᠎ᠠ ᠃ ᠡᠨᠡᠬᠦ ᠮᠦᠽᠧᠢ ᠨᠢ 1940 ᠣᠨ ᠳᠤ ᠣᠷᠣᠨ ᠨᠤᠲᠤᠭ ᠰᠤᠳᠤᠯᠬᠤ ᠤᠯᠤᠰ ᠤᠨ ᠲᠥᠪ ᠮᠦᠽᠧᠢ ᠬᠡᠮᠡᠭᠳᠡᠵᠦ ᠪᠠᠢᠢᠭᠠᠳ᠂ 1956 ᠣᠨ ᠊ᠳᠤ ᠤᠯᠤᠰ ᠤᠨ ᠲᠥᠪ ᠮᠦᠽᠧᠢ ᠪᠣᠯᠣᠭᠰᠠᠨ ᠪᠠᠢᠢᠨ᠎ᠠ [2]᠃ ᠤᠯᠤᠰ ᠤᠨ ᠲᠥᠪ ᠮᠦᠽᠧᠢ ᠊ᠢᠢᠨ ᠨᠢᠭᠡᠳᠦᠭᠡᠷ ᠳᠠᠪᠬᠤᠷ ᠲᠤ ᠮᠣᠩᠭᠣᠯ ᠤᠷᠤᠨ ᠤ ᠭᠠᠵᠠᠷ ᠵᠦᠢ᠂ ᠭᠧᠣᠯᠣᠭᠢ᠂ ᠠᠭᠤᠯᠠ ᠠᠭᠤᠷᠬᠠᠢ᠂ ᠤᠷᠭᠤᠮᠠᠯ᠂ ᠠᠮᠢᠲᠠᠨ ᠤ ᠠᠢᠢᠮᠠᠭ᠂ ᠰᠢᠪᠠᠵᠢ ᠨᠤᠭᠤᠳ ᠤᠨ ᠦᠵᠡᠮᠦᠷᠢ ᠢᠢᠨ ᠲᠠᠰᠤᠭ ᠤᠳ ᠪᠠᠢᠢᠪᠠ᠃ ᠬᠣᠶᠠᠳᠤᠭᠠᠷ ᠳᠠᠪᠬᠤᠷ ᠲᠤ ᠮᠣᠩᠭᠣᠯ ᠣᠷᠣᠨ ᠊ᠤ ᠫᠠᠯᠧᠣᠨᠲ᠋ᠣᠯᠣᠭᠢ ᠢᠢᠨ ᠣᠯᠳᠠᠪᠤᠷᠢ᠂ ᠡᠷᠲᠡᠨ ᠊ᠦ ᠤᠷᠭᠤᠮᠠᠯ᠂ ᠠᠮᠢᠲᠠᠨ᠂ ᠠᠪᠤᠷᠭᠤ ᠦᠯᠭᠡ ᠭᠦᠷᠪᠡᠯ᠂ ᠡᠷᠲᠡᠨ ᠤ ᠬᠥᠬᠦᠲᠡᠨ ᠠᠮᠢᠲᠠᠨ ᠤ ᠣᠯᠳᠠᠪᠤᠷᠢ ᠢᠢᠨ ᠦᠵᠡᠮᠦᠷᠢ ᠢᠢᠨ ᠲᠠᠰᠤᠭ᠂ ᠳᠡᠭᠡᠳᠦ ᠳᠠᠪᠬᠤᠷ ᠲᠤ ᠮᠣᠩᠭᠣᠯ ᠤᠯᠤᠰ ᠤᠨ ᠲᠡᠦᠬᠡ ᠊ᠢᠢᠨ ᠨᠡᠩ ᠡᠷᠲᠡᠨ ᠡᠴᠡ ᠡᠳᠦᠭᠡ ᠬᠦᠷᠲᠡᠯᠡᠬᠢ ᠦᠢ᠎ᠠ ᠲᠡᠦᠬᠡ ᠊ᠢᠢᠨ ᠲᠠᠰᠤᠭ ᠠᠵᠢᠯᠯᠠᠵᠤ ᠪᠠᠢᠢᠪᠠ᠃ᠪᠦᠭᠦᠳᠡ ᠨᠠᠢᠢᠷᠠᠮᠳᠠᠬᠤ ᠮᠣᠩᠭᠣᠯ ᠠᠷᠠᠳ ᠤᠯᠤᠰ ᠤᠨ ᠵᠠᠰᠠᠭ ᠤᠨ ᠭᠠᠵᠠᠷ ᠊ᠤᠨ ᠳᠡᠷᠭᠡᠳᠡᠬᠢ ᠰᠣᠶᠣᠯ ᠤᠷᠠᠯᠢᠭ ᠤᠨ ᠬᠥᠭᠵᠢᠯ ᠊ᠦᠨ ᠬᠣᠷᠢᠶᠠᠨ ᠤ ᠳᠠᠷᠤᠭ᠎ᠠ  ᠢᠢᠨ 1991 ᠣᠨ ᠤ 5 ᠰᠠᠷ᠎ᠠ ᠢᠢᠨ13 ᠤ116 ᠳ᠋ᠤᠭᠠᠷ ᠲᠤᠰᠢᠶᠠᠯ ‍ᠢᠢᠠᠷ ᠮᠣᠩᠭᠣᠯ ᠠᠷᠠᠳ ᠤᠨ ᠬᠤᠪᠢᠰᠬᠠᠯ ᠤᠨ ᠮᠦᠽᠧᠢ ᠵᠢ ᠲᠠᠲᠠᠨ ᠪᠠᠭᠤᠯᠭᠠᠵᠤ᠂ ᠰᠢᠨ᠎᠎ᠠ ᠪᠡᠷ ᠦᠨᠳᠦᠰᠦᠨ ᠤ ᠲᠡᠦᠬᠡ ᠢᠢᠨ ᠮᠦᠽᠧᠢ ᠵᠢ ᠪᠠᠢᠢᠭᠤᠯᠵᠡᠢ [3]᠃ ᠡᠨᠡ ᠦᠨᠳᠦᠰᠦᠨ ᠳᠡᠭᠡᠷ᠎ᠡ ᠤᠯᠤᠰ ᠤᠨ ᠲᠥᠪ ᠮᠦᠽᠧᠢ ᠳᠤ ᠪᠠᠢᠢᠭᠰᠠᠨ ᠮᠣᠩᠭᠣᠯ ᠤᠯᠤᠰ ᠤᠨ ᠲᠡᠦᠬᠡ ᠢᠢᠨ ᠬᠣᠯᠪᠤᠭᠳᠠᠯᠲᠠᠢ ᠦᠵᠡᠮᠦᠷᠢ ᠨᠤᠭᠤᠳ ᠰᠢᠨ᠎᠎ᠡ ᠲᠤᠲᠤᠮ ᠪᠠᠢᠢᠭᠤᠯᠤᠭᠳᠠᠭᠰᠠᠨ ᠦᠨᠳᠦᠰᠦᠨ ᠤ ᠲᠡᠦᠬᠡ ᠢᠢᠨ ᠮᠦᠽᠧᠢ ᠳᠤ ᠰᠢᠯᠵᠢᠭᠰᠡᠨ ᠪᠠᠢᠢᠨ᠎᠎ᠠ᠃ ᠤᠯᠤᠰ ᠊ᠤᠨ ᠲᠥᠪ ᠮᠦᠽᠧᠢ 1991 ᠣᠨ ᠤ ᠪᠠᠢᠢᠳᠠᠯ ᠊ᠢᠢᠠᠷ 50000 ᠣᠷᠴᠢᠮ ᠦᠵᠡᠮᠦᠷᠢ ᠲᠠᠢ ᠪᠠᠢᠢᠭᠰᠠᠨ ᠡᠴᠡ 84 ᠬᠤᠪᠢ ᠪᠤᠶᠤ ᠲᠡᠦᠬᠡ᠂ ᠤᠭᠰᠠᠭᠠᠲᠠᠨ ᠤ ᠵᠦᠢ ᠢᠢᠨ 48000 ᠦᠵᠡᠮᠦᠷᠢ ᠵᠢ ᠦᠨᠳᠦᠰᠦᠨ ᠤ ᠲᠡᠦᠬᠡ ᠢᠢᠨ ᠮᠦᠽᠧᠢ ᠊ᠳᠦ ᠰᠢᠯᠵᠢᠭᠦᠯᠵᠡᠢ᠃ ᠮᠥᠨ ᠣᠨ ᠤ 8 ᠰᠠᠷ᠎ᠠ ᠢᠢᠨ 23  ᠤ ᠰᠣᠶᠣᠯ ᠤᠷᠠᠯᠢᠭ ᠤᠨ ᠬᠣᠷᠢᠶᠠᠨ  ᠤ ᠳᠠᠷᠤᠭ᠎᠎ᠠ ᠢᠢᠨ 214 ᠳ᠋ᠦᠭᠡᠷ ᠲᠤᠰᠢᠶᠠᠯ ᠭᠠᠷᠴᠤ᠂ ᠤᠯᠤᠰ ᠤᠨ ᠲᠥᠪ ᠮᠦᠽᠧᠢ ᠢᠢᠨ ᠪᠠᠢᠢᠭᠠᠯᠢ ᠢᠢᠨ ᠲᠠᠰᠤᠭ ᠢ ᠥᠷᠭᠡᠳᠬᠡᠵᠦ᠂ ᠮᠣᠩᠭᠣᠯ ᠤᠨ ᠪᠠᠢᠢᠭᠠᠯᠢ ᠢᠢᠨ ᠲᠡᠦᠬᠡ ᠢᠢᠨ ᠮᠦᠽᠧᠢ ᠵᠢ ᠪᠠᠢᠢᠭᠤᠯᠵᠡᠢ [4]᠃ ᠵᠠᠬᠢᠷᠠᠯ ᠢᠢᠠᠷ ᠨᠢ ᠠᠯᠲᠠᠩᠭᠡᠷᠡᠯ ᠤᠨ ᠫᠡᠷᠯᠡᠢ ᠵᠢ ᠲᠣᠮᠢᠯᠠᠵᠡᠢ᠃ ᠪᠠᠢᠢᠭᠠᠯᠢ ᠢᠢᠨ ᠲᠡᠦᠬᠡ ᠢᠢᠨ ᠮᠦᠽᠧᠢ ᠳᠤ ᠦᠯᠡᠳᠡᠭᠰᠡᠨ ᠪᠠᠢᠢᠭᠠᠯᠢ ᠢᠢᠨ 8000 ᠣᠷᠴᠢᠮ ᠦᠵᠡᠮᠦᠷᠢ ᠵᠢ 1992 ᠣᠨ ᠳᠤ ᠠᠰᠢᠭᠯᠠᠵᠤ᠂ ᠰᠡᠷᠭᠦᠭᠡᠵᠦ᠂ ᠳᠡᠯᠡᠭᠡᠨ ᠦᠵᠡᠭᠦᠯᠬᠦ ᠪᠣᠯᠣᠭᠰᠠᠨ᠃ ᠪᠠᠢᠢᠭᠠᠯᠢ ᠢᠢᠨ ᠲᠡᠦᠬᠡ ᠊ᠢᠢᠨ ᠮᠦᠽᠧᠢ ᠊ᠢᠢᠨ ᠦᠢᠯᠡ ᠠᠵᠢᠯᠯᠠᠭ᠎ᠠ ᠵᠢ ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠤᠨ ᠰᠠᠢᠢᠳ ᠤᠨ 2013 ᠣᠨ ᠤ 5 ᠰᠠᠷ᠎ᠠ ᠢᠢᠨ 31  ᠤ ᠠ᠊ /173 ᠊ᠳᠤᠭᠠᠷ ᠲᠤᠰᠢᠶᠠᠯ ᠊ᠢᠢᠠᠷ ᠵᠣᠭᠰᠤᠭᠠᠭᠰᠠᠨ ᠪᠠᠢᠢᠨ᠎ᠠ᠃ ᠮᠦᠽᠧᠢ ᠢᠢᠨ ᠪᠠᠷᠢᠯᠭ᠎ᠠ ᠊ᠢᠢ ᠪᠠᠭᠤᠯᠭᠠᠬᠤ ᠲᠠᠢ ᠬᠣᠯᠪᠤᠭᠳᠠᠭᠤᠯᠤᠨ ᠦᠵᠡᠮᠦᠷᠢ᠂ ᠡᠳ᠋ ᠬᠥᠷᠦᠩᠭᠡ ᠵᠢ ᠰᠠᠪᠠᠯᠠᠬᠤ᠂ ᠪᠠᠭᠯᠠᠬᠤ᠂ ᠨᠡᠭᠦᠯᠭᠡᠨ ᠰᠢᠯᠵᠢᠭᠦᠯᠬᠦ ᠠᠵᠢᠯ ᠢ ᠮᠦᠽᠧᠢ ᠢᠢᠨ ᠵᠠᠬᠢᠷᠠᠯ ᠨ᠂ ᠵᠣᠷᠢᠭᠲᠤᠪᠠᠭᠠᠲᠤᠷ ᠲᠤ ᠳᠠᠭᠠᠭᠠᠯᠭᠠᠵᠡᠢ᠃ [5] ᠣᠯᠠᠨ ᠨᠡᠢᠢᠲᠡ ᠊ᠢᠢᠨ ᠡᠰᠡᠷᠭᠦᠴᠡᠯ ᠢ ᠦᠯᠦ ᠬᠠᠷᠠᠭᠠᠯᠵᠠᠨ ᠮᠦᠽᠧᠢ ᠢᠢᠨ ᠪᠠᠷᠢᠯᠭ᠎᠎ᠠ ᠵᠢ 2019 ᠣᠨ ᠤ 12 ᠰᠠᠷ᠎ᠠ  ᠢᠢᠨ ᠡᠬᠢ ᠪᠡᠷ ᠪᠦᠷᠢᠨ ᠪᠠᠭᠤᠯᠭᠠᠨ ᠨᠤᠷᠠᠭᠠᠭᠰᠠᠨ ᠪᠢᠯᠡ᠃

ᠮᠦᠽᠧᠢ  ᠢᠢᠨ ᠦᠢᠯᠡ ᠠᠵᠢᠯᠯᠨᠭ᠎ᠠ[засварлах | кодоор засварлах]


ᠮᠢᠬᠠᠴᠢᠨ ᠠᠪᠤᠷᠭᠤ ᠦᠯᠦᠭ ᠭᠦᠷᠪᠡᠯ ‍ᠦᠨ ᠪᠦᠲᠦᠨ ᠠᠷᠠᠭ ᠶᠠᠰᠤ


ᠪᠠᠢᠢᠭᠠᠯᠢ ᠢᠢᠨ ᠲᠡᠦᠬᠡ ᠢᠢᠨ ᠮᠦᠽᠧᠢ ᠭᠧᠣᠯᠣᠭᠢ᠂ ᠭᠠᠵᠠᠷ ᠵᠦᠢ᠂ ᠤᠷᠭᠤᠮᠠᠯ ᠠᠮᠢᠲᠠᠨ ᠤ ᠠᠢᠢᠮᠠᠭ᠂ ᠫᠠᠯᠧᠣᠨᠲ᠋ᠣᠯᠣᠭᠢ᠂ ᠬᠦᠮᠦᠨ ᠰᠤᠳᠤᠯᠠᠯ ᠭᠡᠰᠡᠨ ᠦᠨᠳᠦᠰᠦᠨ ᠰᠠᠯᠪᠤᠷᠢ ᠬᠠᠮᠤᠷᠳᠠᠭ᠃ ᠲᠤᠰ ᠮᠦᠽᠧᠢ ᠳᠡᠯᠡᠬᠡᠢ ᠢᠢᠨ ᠡᠭᠦᠰᠡᠯ ᠡᠴᠡ ᠡᠬᠢᠯᠡᠨ ᠤᠷᠭᠤᠮᠠᠯ᠂ ᠠᠮᠢᠲᠠ᠂ ᠬᠦᠮᠦᠨ ᠤ ᠭᠠᠷᠤᠯ ᠡᠭᠦᠰᠡᠯ  ᠢ ᠬᠠᠮᠤᠷᠤᠭᠰᠠᠨ 4.7 ᠲᠡᠷᠪᠤᠮ ᠵᠢᠯ ᠤᠨ ᠠᠰᠤᠷᠤ ᠤᠷᠲᠤ ᠬᠤᠭᠤᠴᠠᠭᠠᠨ ᠤ ᠲᠡᠦᠬᠡ ᠢᠢᠨ ᠦᠢᠯᠡ ᠶᠠᠪᠤᠳᠠᠯ ᠊ᠢ ᠦᠵᠡᠮᠦᠷᠢ ᠪᠠᠷ ᠲᠣᠳᠣᠳᠬᠠᠨ ᠬᠠᠷᠠᠭᠤᠯᠵᠤ ᠰᠤᠷᠲᠠᠯᠴᠢᠯᠳᠠᠭ᠃

ᠵᠢᠷᠤᠭ ᠤᠨ ᠴᠣᠮᠣᠭ[засварлах | кодоор засварлах]


ᠦᠯᠦᠭ ᠭᠦᠷᠪᠡᠯ ‍ᠦᠨ ᠥᠨᠳᠡᠭᠡ


ᠴᠠᠭᠯᠠᠰᠢ ᠦᠭᠡᠢ ᠨᠠᠨᠳᠢᠨ ᠦᠨᠡᠲᠦ ᠦᠵᠡᠮᠦᠷᠢ


ᠲᠦᠯᠬᠢᠭᠦᠷ ᠦᠭᠡᠰ[засварлах | кодоор засварлах]

Байгалийн Түүхийн Музей
палеонтологи
газар зүй
геологи
Музей Натуральной Истории Монголии
Natural History Museum of Mongolia

ᠰᠡᠳᠬᠢᠭᠳᠡᠯ[засварлах | кодоор засварлах]ᠡᠬᠢ ᠰᠤᠷᠪᠤᠯᠵᠢ[засварлах | кодоор засварлах]

  1. http://nhm.gov.mn
  2. http://youth.ub.gov.mn/wp-content/uploads/2017/06/ Үндэсний-түүхийн-музей.pdf
  3. http://youth.ub.gov.mn/wp-content/uploads/2017/06/ Үндэсний-түүхийн-музей.pdf
  4. http://nhm.gov.mn
  5. ᠰᠣᠶᠣᠯ᠂ ᠰᠫᠣᠷᠲ᠂ ᠠᠶᠠᠯᠠᠯ ᠵᠢᠭᠤᠯᠴᠢᠯᠠᠯ ᠊ᠤᠨ ᠰᠠᠢᠢᠳ ᠊ᠤᠨ 2013 ᠣᠨ ᠊ᠤ 5 ᠰᠠᠷ ᠊ᠠ᠋ ᠊ᠢᠢᠨ 31 ᠊ᠦ А/173 ᠊ᠳᠤᠭᠠᠷ ᠲᠤᠰᠢᠶᠠᠯ