ᠷᠢᠮᠠᠨ ᠊ᠤ ᠭᠧᠣᠮᠧᠲ᠋ᠧᠷ
ᠷᠢᠮᠠᠨ ᠤ ᠭᠧᠣᠮᠧᠲ᠋ᠧᠷ
|
ᠷᠢᠮᠠᠨRiemann ᠤ ᠭᠧᠣᠮᠧᠲ᠋ᠷgeometry ᠨᠢ ᠲᠣᠭᠲᠠᠮᠠᠯ ᠡᠶᠡᠷᠭᠦ ᠮᠤᠷᠤᠶ᠋ᠢᠯᠲᠠ ᠲᠠᠢ ᠭᠠᠳᠠᠷᠭᠤ ᠪᠤᠶᠤ ᠵᠤᠤᠪᠠᠩ ᠭᠠᠳᠠᠷᠭᠤ ᠳᠡᠭᠡᠷ᠎ᠡ ᠬᠡᠷᠡᠭᠵᠢᠳᠡᠭ᠃[1]
ᠤᠯᠠᠮᠵᠢᠯᠠᠯᠲᠤ ᠪᠤᠰᠤ ᠭᠧᠣᠮᠧᠲ᠋ᠧᠷ ᠦᠨ ᠡᠨᠡ ᠬᠡᠯᠪᠡᠷᠢ ᠢᠢ ᠮᠥᠨ ᠧᠯᠯᠢᠫᠰ ᠦᠨ ᠭᠧᠣᠮᠧᠲ᠋ᠧᠷelliptic geometry ᠭᠡᠳᠡᠭ᠃[2] ᠧᠦ᠋ᠻ᠊ᠯᠢᠳ᠋Euclid ᠦᠨ ᠪᠤᠶᠤ ᠤᠯᠠᠮᠵᠢᠯᠠᠲᠤ ᠭᠧᠣᠮᠧᠲ᠋ᠧᠷ ᠨᠢ ᠲᠡᠭ ᠮᠤᠷᠤᠢᠢᠯᠲᠠ ᠲᠠᠢ ᠬᠠᠪᠲᠠᠭᠠᠢ ᠣᠷᠤᠨ ᠵᠠᠢ ᠢᠢᠨ ᠭᠧᠣᠮᠧᠲ᠋ᠡᠷ ᠪᠠᠢᠢᠳᠠᠭ ᠪᠣᠯ ᠯᠣᠪᠠᠴᠧᠹᠰᠻᠢ ᠢᠢᠨЛобачевский ᠬᠢ ᠨᠢ ᠰᠥᠷᠭᠦ ᠮᠤᠷᠤᠢᠢᠯᠲᠠ ᠲᠠᠢ ᠣᠷᠤᠨ ᠵᠠᠢ ᠢᠢ ᠳᠦᠷᠰᠦᠯᠡᠳᠡᠭ ᠪᠢᠯᠡ᠃
ᠬᠠᠷᠢᠨ ᠷᠢᠮᠠᠨ ᠤ ᠭᠧᠣᠮᠧᠲ᠋ᠧᠷ ᠨᠢ ᠡᠶᠡᠷᠭᠦ ᠮᠤᠷᠤᠢᠢᠯᠲᠠ ᠲᠠᠢ ᠭᠦᠳᠦᠭᠦᠷ ᠣᠷᠤᠨ ᠵᠠᠢ ᠢᠢᠨ ᠵᠠᠭᠪᠤᠷ ᠪᠣᠯᠤᠨ ᠠ᠋᠃
ᠷᠢᠮᠠᠨ ᠥᠪᠡᠷ ᠦᠨ ᠪᠠᠢᠢᠭᠤᠯᠤᠭᠰᠠᠨ ᠭᠧᠣᠮᠧᠲ᠋ᠧᠷ ᠢ ᠬᠣᠶᠠᠷ ᠬᠡᠮᠵᠢᠭᠳᠠᠬᠦᠨᠲᠦ ᠬᠠᠪᠲᠠᠭᠠᠢ᠂ ᠭᠤᠷᠪᠠᠨ ᠬᠡᠮᠵᠢᠭᠳᠡᠬᠦᠨᠲᠦ ᠬᠢᠭᠡᠳ ᠲᠡᠭᠦᠨ ᠡᠴᠡ ᠳᠡᠭᠡᠭᠰᠢ ᠬᠡᠮᠵᠢᠭᠳᠡᠬᠦᠨᠲᠦ ᠣᠭᠲᠠᠷᠭᠤᠢ ᠳ᠋ᠤ ᠳᠦᠷᠰᠦᠯᠡᠭᠰᠡᠨ ᠪᠠᠢᠢᠳᠠᠭ᠃
ᠠᠻᠰᠢᠣᠮ
|
ᠲᠤᠬᠠᠢ ᠢᠢᠨ ᠰᠢᠯᠠᠭᠤᠨ ᠲᠠᠢ ᠨᠢᠭᠡ ᠬᠠᠪᠲᠠᠭᠠᠢ ᠳ᠋ᠤ ᠣᠷᠣᠰᠢᠵᠤ ᠪᠠᠢᠢᠭ ᠠ᠋ ᠰᠢᠯᠠᠭᠤᠨ ᠲᠤᠰ ᠪᠦᠷᠢ ᠲᠤᠬᠠᠢ ᠢᠢᠨ ᠰᠢᠯᠠᠭᠤᠨ ᠲᠠᠢ ᠣᠭᠲᠤᠯᠤᠯᠴᠠᠨ ᠠ᠋᠃ [3]
ᠪᠠᠰᠠ᠄
ᠬᠡᠷᠪᠡ ᠰᠢᠯᠠᠭᠤᠨ ᠱᠤᠭᠤᠮ ᠪᠥᠭᠡᠳ ᠴᠡᠭ ᠨᠢ ᠲᠡᠭᠦᠨ ᠦ ᠭᠠᠳᠠᠨ ᠠ ᠣᠷᠤᠰᠢᠵᠤ ᠪᠠᠢᠢᠭ ᠠ᠋ ᠪᠣᠯ ᠰᠢᠯᠠᠭᠤᠨ ᠪᠠ ᠴᠡᠭ ᠢ ᠳᠠᠮᠨᠠᠭᠰᠠᠨ ᠬᠠᠪᠲᠠᠭᠠᠢ ᠳ᠋ᠤ ᠰᠢᠯᠠᠭᠤᠨ ᠲᠠᠢ ᠦᠯᠦ ᠣᠭᠲᠤᠯᠤᠯᠴᠠᠬᠤ ᠨᠢᠭᠡ ᠴᠦ ᠰᠢᠯᠠᠭᠤᠨ ᠪᠠᠢᠢᠬᠤ ᠦᠭᠡᠢ᠃[4]
ᠪᠠᠰᠠ᠄
ᠲᠤᠬᠠᠢ ᠢᠢᠨ ᠰᠢᠯᠠᠭᠤᠨ ᠳ᠋ᠤ ᠫᠧᠷᠫᠧᠨ᠍ᠡᠳᠢᠻᠦ᠋ᠯᠠᠷperpendicular ᠬᠣᠶᠠᠷ ᠰᠢᠯᠠᠭᠤᠨ ᠬᠣᠭᠤᠷᠤᠨᠳᠤ ᠪᠠᠨ ᠣᠭᠲᠤᠯᠤᠯᠴᠠᠨ ᠠ᠋᠃
ᠶᠡᠷᠦ ᠨᠢ᠂ ᠲᠤᠬᠠᠢ ᠢᠢᠨ ᠰᠢᠯᠠᠭᠤᠨ ᠤ ᠨᠢᠭᠡ ᠲᠠᠯ ᠠ᠋ ᠳᠠᠬᠢ ᠪᠦᠬᠢ ᠫᠧᠷᠫᠧᠨ᠍ᠳᠢᠻᠦ᠋ᠯᠠᠷ ᠤᠳ ᠲᠡᠷᠡ ᠬᠦ ᠰᠢᠯᠠᠭᠤᠨ ᠤ "ᠦᠨᠡᠮᠯᠡᠬᠦᠢ ᠲᠤᠢᠢᠯ" ᠬᠡᠮᠡᠬᠦ ᠭᠠᠭᠴᠠ ᠴᠡᠭ ᠲᠦ ᠣᠭᠲᠤᠯᠤᠯᠴᠠᠨ ᠠ᠋᠃
ᠲᠤᠬᠠᠢ ᠢᠢᠨ ᠰᠢᠯᠠᠭᠤᠨ ᠤ ᠨᠥᠭᠦᠭᠡ ᠲᠠᠯ ᠠ᠋ ᠳ᠋ᠠᠬᠢ ᠫᠧᠷᠫᠧᠨ᠍ᠳᠢᠻᠦ᠋ᠯᠠᠷ ᠤᠳ ᠴᠤ ᠮᠥᠨ ᠨᠢᠭᠡ ᠴᠡᠭ ᠲᠦ ᠣᠭᠲᠤᠯᠤᠯᠴᠠᠨ ᠠ᠋᠃
ᠬᠣᠶᠠᠷ ᠡᠰᠡᠷᠭᠦ ᠲᠠᠯ ᠠ᠋ ᠳ᠋ᠠᠬᠢ ᠲᠤᠢᠢᠯ ᠤᠳ ᠨᠢᠭᠡ ᠯᠡ ᠲᠤᠢᠢᠯ ᠪᠠᠢᠢᠨ᠌ ᠊ᠠ᠋᠃
ᠤᠯᠠᠮᠵᠢᠯᠠᠯᠲᠤ ᠭᠧᠣᠮᠧᠲ᠋ᠧᠷ ᠲᠦ ᠰᠢᠯᠠᠭᠤᠨ ᠨᠢ ᠬᠣᠶᠠᠷ ᠵᠦᠭ ᠲᠦ ᠬᠢᠵᠠᠭᠠᠷ ᠦᠭᠡᠢ ᠪᠠᠢᠢᠳᠠᠭ ᠪᠣᠯ ᠷᠢᠮᠠᠨ ᠤ ᠭᠧᠣᠮᠧᠲ᠋ᠧᠷ ᠲᠦ ᠰᠢᠯᠠᠭᠤᠨ ᠨᠢ ᠪᠢᠲᠠᠭᠦᠦ ᠪᠠᠢᠢᠳᠠᠭ᠂ ᠥᠭᠡᠷ ᠡ᠋ ᠪᠠᠡ ᠬᠡᠯᠡᠪᠡᠯ ᠬᠣᠶᠠᠷ ᠦᠵᠦᠭᠦᠷ ᠨᠢ ᠠᠭᠤᠯᠵᠠᠨ ᠨᠡᠢᠢᠯᠡᠳᠡᠭ᠃[5]
ᠰᠢᠯᠠᠭᠤᠨ ᠭᠡᠵᠦ ᠷᠢᠮᠠᠨ ᠤ ᠭᠧᠣᠮᠧᠲ᠋ᠧᠷ ᠲᠦ ᠪᠥᠮᠪᠦᠷᠴᠡᠭ ᠦᠨ ᠪᠦᠰᠡᠯᠡᠭᠦᠷ ᠲᠣᠭᠤᠷᠢᠭ ᠤᠳ ᠢ ᠬᠡᠯᠡᠳᠡᠭ ᠪᠥᠭᠡᠳ ᠡᠨᠡ ᠨᠢ ᠴᠢᠩᠬ᠎ᠠ ᠡᠰᠡᠷᠭᠦ ᠲᠠᠯ ᠋ᠠ᠋ ᠳ᠋ᠤ ᠪᠠᠢᠢᠷᠢᠯᠠᠬᠤ ᠴᠡᠭ ᠦᠳ ᠦᠨ ᠣᠯᠠᠨᠯᠢᠭ ᠪᠣᠯᠵᠤ ᠪᠠᠢᠢᠨ ᠠ᠋᠃
ᠰᠢᠯᠠᠭᠤᠨ ᠢ ᠢᠩᠭᠢᠵᠦ ᠲᠣᠳᠤᠷᠬᠠᠶ᠋ᠢᠯᠠᠭᠰᠠᠨ ᠢᠢᠠᠷ ᠰᠢᠯᠠᠭᠤᠨ ᠤ ᠤᠷᠲᠤ ᠨᠢ ᠳᠠᠷᠠᠭᠠᠬᠢ ᠲᠡᠭᠰᠢᠳᠬᠡᠯ ᠢᠢᠡᠷ ᠲᠣᠮᠢᠶᠠᠯᠠᠭᠳᠠᠨ ᠠ᠋᠄
ᠡᠭᠦᠨ ᠳ᠋ᠦ᠄
L ᠨᠢ ᠰᠢᠯᠠᠭᠤᠨ ᠤ ᠤᠷᠲᠤ᠂
r ᠨᠢ ᠬᠡᠭᠡᠰᠦ (ᠷᠠᠳᠢᠦ᠋ᠰradius)᠃
ᠧᠯᠯᠢᠫᠰ ᠭᠧᠣᠮᠧᠲ᠋ᠧᠷ ᠲᠦ ᠭᠤᠷᠪᠠᠯᠵᠢᠨ ᠤ ᠥᠨᠴᠦᠭ ᠦᠳ ᠦᠨ ᠨᠡᠢᠢᠯᠡᠪᠦᠷᠢ ᠢᠮᠠᠭᠲᠠ 180° ᠡᠴᠡ ᠶᠡᠬᠡ ᠪᠠᠢᠢᠨ ᠠ᠋᠃[6]
ᠮᠥᠨ ᠲᠥᠰᠦᠲᠠᠢ ᠭᠤᠷᠪᠠᠯᠵᠢᠨ ᠨᠤᠭᠤᠳ ᠵᠠᠪᠠᠯ ᠻᠣᠨ᠍ᠭ᠌ᠷᠦ᠋ᠧᠨ᠍ᠲcongruent ᠪᠠᠢᠢᠨ ᠠ᠋᠃
ᠠᠴᠢ ᠬᠣᠯᠪᠤᠭᠳᠠᠯ
|
ᠷᠢᠮᠠᠨ ᠤ ᠭᠧᠣᠮᠧᠲ᠋ᠷ ᠧᠦ᠋ᠻ᠊ᠯᠢᠳ᠋᠂ ᠭᠠᠦ᠋ᠰᠰGauss᠂ ᠪᠣᠯᠢᠶᠠᠢBoliay᠂ ᠯᠣᠪᠠᠴᠧᠹᠰᠻᠢ ᠨᠠᠷ ᠤᠨ ᠣᠨᠣᠯ ᠢ ᠪᠦᠭᠦᠳᠡ ᠶᠢ ᠨᠢᠭᠡ ᠳᠡᠭᠡᠪᠦᠷ ᠳᠣᠣᠷ᠎ᠠ ᠣᠷᠣᠭᠤᠯᠵᠤ ᠥᠭᠭᠦᠭᠰᠡᠨ ᠪᠠᠶ᠋ᠢᠨ᠎ᠠ᠃
ᠲᠡᠭᠦᠨᠴᠢᠯᠡᠨ᠂ ᠲᠡᠳᠡᠭᠡᠷ ᠢ ᠦᠯᠡᠮᠵᠢ ᠥᠷᠭᠡᠳᠬᠡᠵᠦ᠂ ᠡᠮᠦᠨ᠎ᠡ ᠨᠢ ᠬᠡᠨ ᠦ ᠴᠤ ᠲᠥᠰᠦᠭᠡᠯᠡᠵᠦ ᠪᠠᠶ᠋ᠢᠭᠠᠳᠦᠢ ᠨᠡᠩ ᠰᠢᠨ ᠡ ᠪᠣᠯᠤᠮᠵᠢ ᠶᠢ ᠬᠦᠮᠦᠨ ᠲᠥᠷᠥᠯᠬᠢᠲᠡᠨ ᠦ ᠣᠶᠤᠨ ᠤᠬᠠᠭᠠᠨ ᠳᠤ ᠨᠡᠭᠡᠭᠡᠵᠦ ᠥᠭᠴᠡᠢ᠃
ᠪᠣᠳᠠᠲᠤ ᠹᠢᠽᠢᠻphysic ᠣᠷᠤᠨ ᠵᠠᠢ᠂ ᠴᠠᠭ ᠬᠤᠭᠤᠴᠠᠭᠠᠨ ᠤ ᠭᠧᠣᠮᠧᠲ᠋ᠧᠷ ᠴᠢᠨᠠᠷ ᠤᠳ ᠨᠢ ᠧᠦ᠋ᠻ᠊ᠯᠢᠳ᠋ ᠦᠨ ᠭᠧᠣᠮᠧᠲ᠋ᠧᠷ ᠲᠦ ᠪᠢᠰᠢ ᠬᠠᠷᠢᠨ ᠷᠢᠮᠠᠨ ᠤ ᠭᠧᠣᠮᠧᠲ᠋ᠧᠷ ᠲᠦ ᠬᠠᠷᠭᠠᠯᠵᠠᠳᠠᠭ ᠪᠠᠢᠢᠨ ᠠ᠋᠃[7]
ᠲᠡᠦᠬᠡᠨ ᠳᠠᠷᠠᠭᠠᠯᠠᠯ ᠤᠨ ᠬᠤᠪᠢ ᠳᠤ ᠷᠢᠮᠠᠨ ᠤ ᠭᠧᠣᠮᠡᠲ᠋ᠷ ᠨᠢ ᠯᠣᠪᠠᠴᠧᠹᠰᠻᠢ ᠢᠢᠨ ᠭᠧᠣᠧᠡᠲ᠋ᠧᠷ ᠡᠴᠡ ᠬᠣᠵᠢᠭᠤ᠂ 1854 ᠣᠨ ᠳᠤ ᠭᠠᠷᠴᠤ ᠢᠷᠡᠭᠰᠡᠨ᠃
ᠧᠦ᠋ᠻ᠊ᠯᠢᠳ᠋ ᠦᠨ ᠭᠧᠣᠮᠧᠲ᠋ᠧᠷ ᠦᠨ ᠰᠠᠭᠤᠷᠢ ᠶᠢ ᠷᠢᠮᠠᠨ ᠪᠥᠷᠢᠨ ᠬᠢᠨᠠᠵᠤ ᠦᠵᠠᠭᠡᠳ᠂ ᠲᠡᠭᠦᠨ ᠦ ᠣᠷᠣᠨ ᠳᠤ ᠭᠧᠣᠮᠧᠲ᠋ᠧᠷ ᠪᠠᠢᠢᠭᠤᠯᠬᠤ ᠥᠪᠡᠷ ᠦᠨ ᠵᠠᠷᠴᠢᠮ ᠤᠳ ᠢ ᠰᠠᠨᠠᠯ ᠪᠣᠯᠭᠠᠵᠠᠢ᠃
ᠡᠭᠦᠪᠡᠷ ᠢᠶ᠋ᠡᠨ ᠧᠦᠻ᠊ᠯᠢᠳ᠋ ᠦᠨ ᠪᠤᠰᠤ ᠭᠧᠣᠮᠧᠡᠲ᠋ᠧᠷ ᠦᠨ ᠣᠯᠠᠨ ᠬᠡᠯᠪᠡᠷᠢ ᠪᠠᠶ᠋ᠢᠵᠤ᠂ ᠣᠭᠲᠠᠷᠭᠤᠢ ᠶᠢᠨ ᠬᠢᠵᠠᠭᠠᠷ ᠦᠭᠡᠢ ᠣᠯᠠᠨ ᠥᠭᠡᠷ ᠠ᠋ ᠪᠦᠲᠦᠴᠡ ᠶᠢ ᠲᠣᠳᠣᠷᠬᠠᠶ᠋ᠢᠯᠠᠵᠤ ᠪᠣᠯᠬᠤ ᠶᠢ ᠲᠤᠩᠬᠠᠭᠯᠠᠭᠰᠠᠨ ᠪᠠᠶ᠋ᠢᠨ᠎ᠠ᠃
ᠷᠢᠮᠠᠨ ᠡᠳᠡᠭᠡᠷ ᠪᠣᠯᠤᠮᠵᠢᠲᠤ ᠬᠤᠪᠢᠯᠪᠤᠷᠢ ᠨᠤᠭᠤᠳ ᠠᠴᠠ ᠡᠩ ᠦᠨ ᠨᠢᠭᠡᠨ ᠲᠣᠬᠢᠶᠠᠯᠳᠤᠯ ᠪᠣᠯᠬᠤ ᠲᠣᠭᠲᠠᠮᠠᠯ ᠡᠶᠡᠷᠭᠦ ᠮᠤᠷᠤᠶ᠋ᠢᠯᠲᠠ ᠲᠠᠢ ᠣᠷᠣᠨ ᠵᠠᠢ ᠶᠢ ᠳᠦᠷᠰᠦᠯᠡᠭᠰᠡᠨ ᠭᠧᠣᠮᠧᠲ᠋ᠧᠷ ᠢ ᠲᠠᠨᠢᠯᠴᠠᠭᠤᠯᠤᠭᠰᠠᠨ ᠪᠢᠯᠡ᠃[5]
ᠬᠠᠷᠢᠴᠠᠩᠭᠤᠢ ᠢᠢᠨ ᠶᠡᠷᠦᠩᠬᠡᠢ ᠣᠨᠤᠯ ᠢ ᠪᠠᠢᠢᠭᠤᠯᠤᠭᠰᠠᠨ ᠧᠢᠢᠨ᠍ᠱᠲ᠋ᠠᠢᠢᠨEinstein ᠥᠪᠡᠷ ᠲᠦ ᠪᠡᠨ ᠬᠡᠷᠡᠭ ᠲᠡᠢ ᠦᠨᠡᠨ ᠵᠥᠪ ᠮᠠᠲᠾᠧᠮᠠᠲᠢᠻmathematic ᠬᠡᠷᠡᠭᠰᠡᠯ ᠢ ᠷᠢᠮᠠᠨ ᠤ ᠭᠧᠣᠮᠧᠲ᠋ᠧᠷ ᠡᠴᠡ ᠣᠯᠵᠤ[8]᠂ ᠲᠡᠭᠦᠨ ᠳᠤ ᠲᠦᠰᠢᠭᠯᠡᠭᠰᠡᠨ ᠪᠢᠯᠡ᠃
ᠨᠡᠷ ᠡ᠋ ᠲᠣᠮᠢᠶᠠᠯᠠᠯ
ᠷᠢᠮᠠᠨ ᠤ ᠭᠧᠣᠮᠧᠲ᠋ᠧᠷ - Riemannian geometry - геометрия Римана
ᠧᠯᠯᠢᠫᠰ ᠭᠧᠣᠮᠧᠲ᠋ᠧᠷ - elliptic geometry - эллиптическая геометрия
ᠪᠥᠮᠪᠦᠷᠴᠦᠭ ᠦᠨ ᠭᠧᠣᠮᠧᠲ᠋ᠧᠷ - spherical geometry - сферическая геометрия
ᠡᠶᠡᠷᠭᠦ ᠮᠤᠷᠤᠢᠢᠯᠲᠠ - positive curvature - положительная кривизна
ᠰᠥᠷᠭᠦ ᠮᠤᠷᠤᠢᠢᠯᠲᠠ - negative curvature - отрицательная кривизна
ᠫᠧᠷᠫᠧᠨ᠍ᠳᠢᠻᠦ᠋ᠯᠠᠷ - perpendicular - перпендикуляр
ᠫᠠᠷᠠᠯᠯᠧᠯ - parallel - параллель
ᠣᠭᠲᠤᠯᠤᠯᠴᠠᠬᠤ - intersect - пересекаться
ᠬᠠᠪᠲᠠᠭᠠᠢ - plane - плоскость
ᠣᠭᠲᠠᠷᠭᠤᠢ᠂ ᠣᠷᠤᠨ ᠵᠠᠢ - space - пространство
ᠦᠨᠡᠮᠯᠡᠬᠦᠢ ᠲᠤᠢᠢᠯ - absolute pole - абсолютный полюс
ᠪᠥᠮᠪᠦᠷᠴᠡᠭ - sphere - сфера
ᠲᠣᠭᠤᠷᠢᠭ - circle - окружность
ᠬᠡᠮᠵᠢᠭᠳᠡᠬᠦᠨ - dimension - измерение
ᠡᠬᠢ ᠰᠤᠷᠪᠤᠯᠵᠢ
- ↑ Наука. Геометрия Римана. ᠬᠠᠨᠳᠤᠭᠰᠠᠨ 2021/02/28
- ↑ Н. В. Ефимов. Неевклидовы геометрии. ᠬᠠᠨᠳᠤᠭᠰᠠᠨ 2021/03/02
- ↑ Н. В. Ефимов. Неевклидовы геометрии. ᠬᠠᠨᠳᠤᠭᠰᠠᠨ 2021/02/23
- ↑ Benno Klotzek: . 1. Auflage. Harri Deutsch, Frankfurt am Main 2001, ISBN 3-8171-1583-0
- ↑ 5.0 5.1 О.А.Старова. Геометрия Римана. 2012/12. ᠬᠠᠨᠳᠤᠭᠰᠠᠨ 2021/03/02]
- ↑ WolframMathWorld. Elliptic Geometry. ᠬᠠᠨᠳᠤᠭᠰᠠᠨ 2021/03/02
- ↑ В.А.Фок. Теория пространства, времени и тяготения. ГИТТЛ. Москва 1955. с. 253
- ↑ Max Born. Physics in My Generation (Springer, 1969), ISBN 0-387-90008-X. p. 329