Ёл

Wikibilig-с
19:52, 23 Тавдугаар сар 2020-ий байдлаарх Amin Sudulal (яриа | оруулсан хувь нэмэр) хэрэглэгчийн хийсэн залруулга

ᠶᠣᠯᠤ ᠰᠢᠪᠠᠭᠤ



ᠶᠣᠯᠤ᠂ ᠮᠥᠨ ᠤᠭᠤᠴᠢ ᠶᠣᠯᠤ ᠴᠤ ᠭᠡᠭᠳᠡᠳᠡᠭ Gypaetus Barbatus ᠨᠢ ᠬᠠᠷᠴᠠᠭᠠᠢ ᠣᠪᠤᠭ ᠊ᠤᠨ ᠰᠢᠪᠠᠭᠤ ᠪᠥᠭᠡᠳ Gypaetus ᠲᠥᠷᠦᠯ ᠊ᠦᠨ ᠭᠠᠭᠴᠠ ᠲᠥᠯᠦᠭᠡᠯᠡᠭᠴᠢ ᠶᠤᠮ᠃
ᠲᠡᠳᠡ ᠧᠦ᠋ᠷᠣᠫ ᠊ᠤᠨ ᠡᠮᠦᠨᠡᠳᠦ ᠬᠡᠰᠡᠭ᠂ ᠠᠹᠷᠢᠻ᠂ ᠠᠰᠢᠢ ᠊ᠠ᠋᠋᠂ ᠡᠨᠡᠳᠬᠡᠭ᠂ ᠲᠥᠪᠡᠳ᠂ ᠮᠣᠩᠭᠣᠯ ᠳ᠋ᠤ ᠥᠨᠳᠦᠷ ᠠᠭᠤᠯᠠᠷᠬᠠᠭ ᠭᠠᠵᠠᠷ ᠰᠠᠭᠤᠷᠢᠨ ᠨᠤᠲᠤᠭᠯᠠᠨ ᠊ᠠ᠋᠋᠃
ᠠᠯᠫ ᠨᠢᠷᠤᠭᠤᠨ ᠳ᠋ᠤ ᠠᠪᠠᠴᠢᠵᠤ ᠰᠠᠭᠦᠷᠢᠰᠢᠭᠤᠯᠤᠭᠰᠠᠨ ᠪᠣᠯᠪᠠᠤᠤ ᠬᠣᠪᠣᠷ ᠬᠡᠪ ᠶ᠋ᠢᠡᠷ ᠪᠠᠢᠢᠨ ᠊ᠠ᠋᠋᠃
ᠭᠣᠣᠯᠳᠠᠭᠤ ᠤᠯᠠᠢ ᠰᠡᠭ ᠶ᠋ᠢᠡᠷ ᠬᠣᠭᠣᠯᠠᠯᠠᠬᠤ ᠪᠠ ᠶᠠᠰᠤᠨ ᠊ᠤ ᠴᠢᠮᠦᠭᠡ ᠭᠣᠣᠯ ᠢᠳᠡᠰᠢ ᠨᠢ ᠪᠣᠯᠳᠠᠭ᠃
ᠥᠨᠳᠦᠷ ᠡᠴᠡ ᠲᠣᠮᠣᠬᠠᠨ ᠶᠠᠰᠤ ᠶ᠋ᠢ ᠤᠨᠠᠭᠠᠵᠤ ᠪᠢᠴᠠᠯᠤᠭᠠᠳ ᠢᠳᠡᠳᠡᠭ᠃

ᠭᠠᠳᠠᠭᠠᠳᠤ ᠲᠥᠷᠬᠦ



ᠪᠡᠶ ᠊ᠡ᠋᠋ ᠶ᠋ᠢᠨ ᠤᠷᠲᠤ 95-125 cm ᠂ ᠳᠠᠯᠠᠪᠴᠢ ᠪᠠᠨ ᠳᠡᠯᠭᠡᠬᠦ ᠳ᠋ᠦ 3 ᠮᠧᠲ᠋ᠷ ᠣᠷᠴᠢᠮ ᠲᠣᠮᠤ ᠮᠢᠬᠠᠴᠢᠨ ᠰᠢᠪᠠᠭᠤ ᠶᠤᠮ᠃
ᠪᠡᠶ ᠊ᠡ᠋᠋ ᠶ᠋ᠢᠨ ᠵᠢᠩ 4.5-7.5 ᠺᠢᠯᠣᠭᠷᠠᠮ᠃

ᠦᠷᠡᠵᠢᠯ



12-2 ᠰᠠᠷ ᠊ᠠ᠋᠋ ᠶ᠋ᠢᠨ ᠳᠤᠮᠳᠠ ᠬᠦᠷᠲᠡᠯ ᠊ᠡ᠋᠋ ᠦᠷᠡᠵᠢᠯ ᠊ᠦᠨ ᠤᠯᠠᠷᠢᠯ 1-2 ᠥᠨᠳᠡᠭᠡ ᠭᠠᠷᠭᠠᠳᠠᠭ᠃
53-58 ᠬᠣᠨᠤᠭᠠᠳ ᠠᠩᠭᠠᠬᠠᠢ ᠭᠠᠷᠴᠤ᠂ ᠡᠭᠦᠷ ᠲᠦ ᠪᠡᠨ 106-130 ᠬᠣᠨᠣᠭ ᠥᠰᠴᠦ ᠪᠣᠢᠢᠵᠢᠨ ᠊ᠠ᠋᠋᠃

ᠲᠦᠯᠬᠢᠭᠦᠷ ᠦᠭᠡᠰ

lammergeyer
bearded vulture
ossifrage
бородач
ягнятник

ᠡᠬᠢ ᠰᠤᠷᠪᠤᠯᠵᠢ

"https://wikibilig.mn/index.php?title=Ёл&oldid=657" хуудаснаас авсан