Ёл

Wikibilig-с

ᠶᠣᠯᠤ[засварлах | кодоор засварлах]

ᠠᠷᠪᠠᠨ
ᠲᠠᠪᠤᠨ
ᠮᠸᠲ᠋ᠷ ᠦ᠋ᠨ
ᠦᠨᠳᠦᠷ ᠲᠦ
ᠬᠠᠯᠢᠨ
ᠣᠯᠵᠠ
ᠬᠠᠢᠢᠵᠤ ᠪᠤᠢ


ᠶᠣᠯᠤ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠵᠢᠭᠦᠷᠲᠡᠨ
ᠪᠠᠭ ᠬᠠᠷᠴᠠᠭᠠᠲᠠᠨ ᠪᠤᠶᠤ ᠱᠣᠩᠬᠣᠷᠲᠠᠨ
ᠣᠪᠤᠭ ᠬᠠᠷᠴᠠᠭ᠍ᠠ᠋ ‍‍ᠢᠢᠨ ᠬᠢᠨ (Bovidae)
ᠲᠥᠷᠦᠯ Gypaetus (Storr, 1784)
ᠵᠦᠢᠯ G. barbatus
ᠯᠠᠲ᠋ᠢᠨ᠍ ᠨᠡᠷ ᠊ᠡ᠋
=Gypaetus barbatus

(Linnaeus, 1758)
ᠶᠣᠯᠤ᠂ ᠮᠥᠨ ᠤᠭᠤᠴᠢ ᠶᠣᠯᠤ ᠴᠤ ᠭᠡᠭᠳᠡᠳᠡᠭ Gypaetus Barbatus ᠨᠢ ᠬᠠᠷᠴᠠᠭᠠᠢ ᠤᠪᠤᠭ ‍ᠤᠨ ᠰᠢᠪᠠᠭᠤ ᠪᠥᠭᠡᠳ Gypaetus ᠲᠥᠷᠥᠯ ‍ᠤᠨ ᠭᠠᠭᠴᠠ ᠲᠥᠯᠦᠭᠡᠯᠡᠭᠴᠢ ᠶᠤᠮ᠃
ᠶᠣᠯᠣ ᠰᠢᠪᠠᠭᠤ ᠨᠢ ᠡᠮᠦᠨᠡᠭᠣᠪᠢ ᠠᠶ᠋ᠢᠮᠠᠭ ‍ᠤᠨ ᠭᠤᠷᠪᠠᠨᠰᠠᠢᠢᠬᠠᠨ ᠠᠭᠤᠯᠠ ᠶ᠋ᠢᠨ ᠶᠣᠯᠣ ᠶ᠋ᠢᠨ ᠠᠮᠠ᠂ ᠠᠯᠲᠠᠢ ᠶ᠋ᠢᠨ ᠨᠢᠷᠤᠭᠤᠨ ᠤ᠋ ᠵᠡᠭᠦᠨ ᠦᠵᠦᠭᠦᠷ ᠤᠨ ᠰᠠᠯᠪᠤᠷᠢ ᠠᠭᠤᠯᠠᠰ ᠪᠣᠯᠬᠤ ᠨᠡᠮᠡᠭᠲᠦ᠂ ᠰᠡᠪᠡᠷᠡᠢ᠂ ᠨᠣᠶᠠᠨ᠂ ᠪᠠᠶᠠᠨ ᠪᠣᠷᠣ ᠨᠢᠷᠤᠭᠤ ᠵᠡᠷᠭᠡ ᠭᠣᠪᠢ ᠶ᠋ᠢᠨ ᠠᠭᠤᠯᠠᠰ ᠶ᠋ᠢᠠᠷ ᠲᠠᠭᠠᠷᠠᠯᠳᠤᠨ᠎ᠠ᠃
ᠲᠡᠳᠡ ᠡᠸᠥ᠋ᠷᠤᠫᠠ ᠶ᠋ᠢᠨ ᠡᠮᠦᠨᠡᠳᠦ ᠬᠡᠰᠡᠭ᠂ ᠠᠹᠷᠢᠺᠠ᠂ ᠠᠽᠢᠶ᠎ᠠ᠂ ᠡᠨᠡᠳᠬᠡᠭ᠂ ᠲᠥᠪᠡᠳ᠂ ᠮᠣᠩᠭᠣᠯ ᠳ᠋ᠤ ᠥᠨᠳᠦᠷ ᠠᠭᠤᠯᠠᠷᠬᠠᠭ ᠭᠠᠵᠠᠷ ᠰᠠᠭᠤᠷᠢᠨ ᠨᠤᠲᠤᠭᠯᠠᠨ᠎ᠠ᠃
ᠠᠯᠫᠰ ᠤᠨ ᠨᠢᠷᠤᠭᠤᠨ ᠳ᠋ᠤ ᠠᠪᠠᠴᠢᠵᠤ ᠰᠠᠭᠤᠷᠢᠰᠢᠭᠤᠯᠤᠭᠰᠠᠨ ᠪᠣᠯᠪᠠᠴᠤ ᠬᠣᠪᠣᠷ ᠬᠡᠪ ᠶ᠋ᠢᠡᠷ ᠪᠠᠢᠢᠨ᠎ᠠ᠃
ᠭᠣᠣᠯᠳᠠᠭᠤ ᠤᠯᠠᠢ ᠰᠡᠭ ᠶ᠋ᠢᠡᠷ ᠬᠣᠭᠣᠯᠠᠯᠠᠬᠤ ᠪᠠ ᠶᠠᠰᠤᠨ ᠤ ᠴᠢᠮᠦᠭᠡ ᠭᠣᠣᠯ ᠢᠳᠡᠰᠢ ᠨᠢ ᠪᠣᠯᠳᠠᠭ᠃
ᠥᠨᠳᠦᠷ ᠡᠴᠡ ᠲᠣᠮᠣᠬᠠᠨ ᠶᠠᠰᠤ ᠶ᠋ᠢ ᠤᠨᠠᠭᠠᠵᠤ ᠪᠢᠴᠠᠯᠤᠭᠠᠳ ᠢᠳᠡᠳᠡᠭ᠃
ᠶᠣᠯᠣ ᠪᠤᠰᠤᠳ ᠵᠢᠭᠦᠷᠲᠡᠨ ᠡᠴᠡ ᠬᠠᠮᠤᠭ ᠊ᠤᠨ ᠥᠨᠳᠦᠷ ᠲᠦ ᠪᠤᠶᠤ 7500 ᠮᠧᠲ᠋ᠷ ᠊ᠦᠨ ᠥᠨᠳᠦᠷ  ᠲᠦ ᠨᠢᠰᠴᠦ ᠴᠢᠳᠠᠬᠤ ᠠᠴᠠ ᠭᠠᠳᠠᠨ᠎ᠠ ᠠᠯᠤᠰ  ᠤᠨ ᠬᠠᠷᠠᠭ᠎ᠠ ᠨᠢ ᠨᠡᠩ ᠰᠠᠢᠢᠨ ᠬᠥᠭᠵᠢᠭᠰᠡᠨ ᠰᠢᠪᠠᠭᠤ ᠪᠢᠯᠡ᠃

ᠭᠠᠳᠠᠭᠠᠳᠤ ᠲᠥᠷᠬᠦ[засварлах | кодоор засварлах]

ᠡᠨᠡ
ᠶᠣᠯᠤ
ᠳᠠᠯᠢ
ᠬᠢᠭᠦᠷ ᠶᠦᠭᠡᠨ
ᠳᠡᠯᠭᠡᠪᠡᠰᠦ
ᠳᠠᠷᠤᠢ
2.5 ᠮᠧᠲ᠋ᠧᠷ
ᠪᠣᠯᠬᠤ
ᠠᠵᠤᠭᠤ

ᠪᠡᠶ᠎ᠡ  ᠢᠢᠨ ᠤᠷᠲᠤ᠄ 95-125 ᠰᠡᠨᠲ᠋ᠢᠮᠧᠲ᠋ᠷ ᠂ ᠳᠡᠯᠭᠡᠭᠰᠡᠨ ᠳᠠᠯᠠᠪᠴᠢ ᠢᠢᠨ ᠤᠷᠲᠤ ᠨᠢ 3 ᠮᠸᠲ᠋ᠷ ᠣᠷᠴᠢᠮ ᠤᠷᠲᠤ ᠪᠤᠯᠳᠠᠭ ᠲᠣᠮᠤ ᠮᠢᠬᠠᠴᠢᠨ ᠰᠢᠪᠠᠭᠤ ᠶᠤᠮ᠃
ᠪᠡᠢ᠎ᠠ ᠢᠢᠨ ᠵᠢᠩ 4.5-7.5 ᠺᠢᠯᠣᠭ᠍ᠷᠠᠮ᠃
ᠲᠣᠯᠣᠭᠠᠢ ᠶ᠋ᠢᠨ ᠣᠷᠣᠢ  ᠶ᠋ᠢᠨ ᠬᠡᠰᠡᠭ ᠪᠠ ᠴᠡᠭᠡᠵᠢ ᠨᠢ ᠴᠠᠭᠠᠨ ᠥᠩᠭᠡ ᠲᠡᠢ ᠪᠠᠢᠢᠳᠠᠭ᠃

ᠦᠷᠡᠵᠢᠯ[засварлах | кодоор засварлах]

ᠶᠣᠯᠤ ᠶ᠋ᠢᠨ
ᠥᠨᠳᠡᠭᠡ

ᠶᠣᠯᠣ ᠰᠢᠪᠠᠭᠤ 1700 ᠮᠧᠲ᠋ᠷ ᠡᠴᠡ ᠳᠡᠭᠡᠭᠰᠢ ᠥᠨᠳᠥᠷ ᠲᠦ ᠡᠭᠦᠷ ᠶ᠋ᠢᠡᠨ ᠵᠠᠰᠠᠳᠠᠭ᠃
ᠬᠠᠪᠤᠷ ᠊ᠤᠨ ᠡᠬᠢᠨ ᠰᠠᠷ᠎ᠠ ᠳ᠋ᠤ ᠡᠭᠦᠷ ᠢᠢᠠᠨ ᠬᠦᠮᠦᠨ ᠠᠮᠢᠲᠠᠨ ᠬᠦᠷᠬᠦ  ᠳ᠋ᠦ ᠪᠡᠷᠬᠡ᠂ ᠬᠥᠮᠥᠭ᠂ ᠲᠠᠪᠴᠠᠩ ᠳᠡᠭᠡᠷ᠎ᠠ ᠪᠤᠲᠠ᠂ ᠪᠤᠷᠭᠠᠰᠤᠨ ᠤ ᠮᠥᠴᠢᠷ ᠶ᠋ᠢᠡᠷ ᠵᠠᠰᠠᠵᠤ᠂ ᠬᠠᠭᠳᠠᠷᠠᠭᠰᠠᠨ ᠡᠪᠡᠰᠦ᠂ ᠶᠠᠰᠤ᠂ ᠢᠰᠡᠭᠡᠢ ᠢᠢᠨ ᠥᠭᠡᠳᠡᠰᠦ᠂ ᠨᠡᠬᠡᠢ᠂ ᠨᠣᠣᠰᠣ ᠪᠠᠷ ᠳᠡᠪᠢᠰᠬᠡᠷ ᠬᠢᠨ᠎ᠡ᠃
12-2 ᠰᠠᠷ᠎ᠠ  ᠢᠢᠨ ᠳᠤᠮᠳᠠ ᠬᠦᠷᠲᠡᠯ᠎ᠠ ᠦᠷᠡᠵᠢᠯ ᠤᠨ ᠤᠯᠠᠷᠢᠯ 1-2 ᠥᠨᠳᠡᠭᠡ ᠭᠠᠷᠭᠠᠳᠠᠭ᠃
53-58 ᠬᠣᠨᠤᠭᠠᠳ ᠠᠩᠭᠠᠬᠠᠢ ᠭᠠᠷᠴᠤ᠂ ᠡᠭᠦᠷ ᠲᠦ ᠪᠡᠨ 106-130 ᠬᠣᠨᠣᠭ ᠥᠰᠴᠦ ᠪᠤᠢᠢᠵᠢᠨ᠎ᠠ᠃

ᠬᠠᠮᠠᠭᠠᠯᠠᠯ[засварлах | кодоор засварлах]

1953 ᠣᠨ ᠳᠤ ᠶᠣᠯᠣ ᠰᠢᠪᠠᠭᠤ ᠠᠩᠨᠠᠬᠤ ᠶᠢ ᠬᠣᠷᠢᠭᠯᠠᠵᠤ᠂ ᠮᠣᠩᠭᠣᠯ  ᠤᠯᠤᠰ ᠤᠨ ᠵᠠᠰᠠᠭ ᠊ᠤᠨ ᠭᠠᠵᠠᠷ  ᠤᠨ 2012 ᠣᠨ  ᠤ ᠳᠣᠯᠣᠳᠤᠭᠠᠷ ᠲᠣᠭᠲᠠᠭᠠᠯ ᠶ᠋ᠢᠠᠷ ᠬᠣᠪᠣᠷ ᠠᠮᠢᠲᠠᠨ ᠶ᠋ᠢᠠᠷ ᠪᠦᠷᠢᠳᠬᠡᠭᠰᠡᠨ ᠶᠤᠮ᠃
ᠮᠣᠩᠭᠣᠯ  ᠤᠨ 《ᠤᠯᠠᠭᠠᠨ ᠨᠣᠮ》  ᠳ᠋ᠦ ᠪᠦᠷᠢᠳᠬᠡᠭᠳᠡᠭᠰᠡᠨ ᠬᠣᠪᠣᠷ ᠰᠢᠪᠠᠭᠤ ᠶᠣᠯᠣ ᠶ᠋ᠢ ᠪᠤᠰᠤᠳ ᠵᠢᠭᠦᠷᠲᠡᠨ ᠡᠴᠡ ᠲᠠᠨᠢᠬᠤ ᠬᠢᠯᠪᠠᠷ ᠠᠷᠭ᠎ᠠ ᠪᠣᠯ ᠡᠷᠡᠦ ᠳᠣᠣᠷ᠎ᠠ ᠪᠠᠢᠢᠬᠤ ᠬᠢᠯᠭᠠᠰᠤᠨ ᠰᠠᠬᠠᠯ ᠶᠤᠮ᠃
ᠶᠣᠯᠣ ᠰᠢᠪᠠᠭᠤ ᠶ᠋ᠢ ᠠᠯᠠᠳᠠᠭ ᠦᠭᠡᠢ᠃
ᠠᠯᠠᠪᠠᠯ ᠶᠣᠯᠣ ᠠᠯᠠᠭᠰᠠᠨ ᠲᠡᠷᠡ ᠬᠦᠮᠦᠨ ᠢᠷᠤᠭᠠᠷ ᠦᠭᠡᠢ ᠠᠩᠭᠠᠯ ᠤᠷᠤᠭᠤ ᠨᠢᠰᠴᠦ ᠦᠬᠦᠨ᠎ᠠ ᠭᠡᠵᠦ ᠴᠡᠭᠡᠷᠯᠡᠳᠡᠭ᠃

ᠲᠦᠯᠬᠢᠭᠦᠷ ᠦᠭᠡᠰ[засварлах | кодоор засварлах]

lammergeyer
bearded vulture
ossifrage
бородач
ягнятник

ᠡᠬᠢ ᠰᠤᠷᠪᠤᠯᠵᠢ[засварлах | кодоор засварлах]

gobimedia.mn