ᠲᠣᠳᠤ ᠪᠢᠴᠢᠭ
ᠲᠣᠳᠣ ᠪᠢᠴᠢᠭ ᠪᠣᠯ ᠮᠣᠩᠭᠣᠯ ᠪᠢᠴᠢᠭ ᠦᠨ ᠳᠦᠷᠢᠮ ᠢ ᠮᠣᠩᠭᠣᠯ ᠬᠡᠯᠡᠨ ᠦ ᠶᠠᠷᠢᠶᠠ᠂ ᠳᠠᠭᠤᠳᠠᠯᠭᠠ ᠳᠤ ᠣᠶ᠋ᠢᠷᠠᠲᠤᠭᠤᠯᠬᠤ ᠵᠣᠷᠢᠯᠭᠠ ᠪᠠᠷ ᠵᠣᠬᠢᠶᠠᠭᠰᠠᠨ ᠪᠢᠴᠢᠭ ᠶᠤᠮ᠃
ᠣᠶ᠋ᠢᠷᠠᠳ ᠠᠶᠠᠯᠭᠤᠨ ᠳᠤ ᠵᠣᠷᠢᠭᠤᠯᠵᠤ ᠵᠣᠬᠢᠶᠠᠭᠰᠠᠨ ᠭᠡᠳᠡᠭ ᠣᠶ᠋ᠢᠯᠠᠭᠠᠯᠲᠠ ᠲᠦᠭᠡᠮᠡᠯ ᠪᠠᠶ᠋ᠢᠳᠠᠭ ᠪᠣᠯᠪᠠᠴᠤ ᠶᠡᠷᠦ ᠲᠤᠬᠠᠢ ᠶᠢᠨ ᠦᠶᠡ ᠶᠢᠨ ᠨᠡᠶ᠋ᠢᠲᠡ ᠮᠣᠩᠭᠣᠯᠴᠤᠳ ᠲᠤ ᠵᠣᠷᠢᠭᠤᠯᠵᠤ ᠵᠣᠬᠢᠶᠠᠭᠰᠠᠨ ᠪᠠᠶ᠋ᠢᠬᠤ ᠶᠢ ᠦᠭᠡᠶ᠋ᠢᠰᠭᠡᠬᠦ ᠪᠣᠯᠤᠮᠵᠢ ᠦᠭᠡᠢ᠃
ᠴᠠᠭᠠᠨ ᠲᠠᠯᠤᠭᠠᠢ
ᠦᠰᠦᠭ | ᠭᠠᠯᠢᠭ | ᠶᠦ᠋ᠨᠢᠺᠣᠳ᠋ | ᠲᠠᠢᠢᠯᠠᠪᠤᠷᠢ | ||
---|---|---|---|---|---|
ᠡᠭᠰᠢᠭ | |||||
ᠠ | ᠊ᠠ᠊ | ᠊ᠠ | a | 1820 | ᠬᠤᠳᠤᠮ ᠮᠣᠩᠭᠤᠯ ᠪᠢᠴᠢᠭ ᠯᠦᠭᠡ ᠠᠳᠠᠯᠢ |
ᡄ | ᠊ᡄ᠊ | ᠊ᡄ᠋ | e | 1844 | |
ᡅ᠊ | ᠊ᡅ᠊ | ᠊ᡅ᠋ | i | 1845 | |
ᡆ | ᠊ᡆ᠊ | ᠊ᡆ | o | 1846 | |
ᡇ᠊ | ᠊ᡇ᠊ | ᠊ᡇ | u | 1847 | |
ᡈ | ᠊ᡈ᠊ | ᠊ᡈ | ö | 1848 | |
ᡉ᠊ | ᠊ᡉ᠊ | ᠊ᡉ | ü | 1849 | |
ᠭᠡᠢᠢᠯᠭᠦᠯᠦᠭᠴᠢ | |||||
ᡋ᠊ | ᠊ᡋ᠊ | ᡋ | b | 184B | |
ᡏ᠊ | ᠊ᡏ᠊ | ᡏ | m | 184F | |
ᠯ | ᠊ᠯ᠊ | ᠊ᠯ | l | 182F | ᠬᠤᠳᠤᠮ ᠮᠣᠩᠭᠤᠯ ᠪᠢᠴᠢᠭ ᠯᠦᠭᠡ ᠠᠳᠠᠯᠢ |
ᠰ | ᠊ᠰ᠊ | ᠊ᠰ | s | 1830 | ᠬᠤᠳᠤᠮ ᠮᠣᠩᠭᠤᠯ ᠪᠢᠴᠢᠭ ᠯᠦᠭᠡ ᠠᠳᠠᠯᠢ |
ᠱ | ᠊ᠱ᠊ | ᠊ᠱ | sh | 1831 | ᠬᠤᠳᠤᠮ ᠮᠣᠩᠭᠤᠯ ᠪᠢᠴᠢᠭ ᠯᠦᠭᠡ ᠠᠳᠠᠯᠢ |
ᠨ | ᠊ᠨ᠊ | ᠊ᠨ | n | 1828 | ᠬᠤᠳᠤᠮ ᠮᠣᠩᠭᠤᠯ ᠪᠢᠴᠢᠭ ᠯᠦᠭᠡ ᠠᠳᠠᠯᠢ |
ᡍ | ᠊ᡍ᠊ | x | 184D | ||
ᡎ | ᡎ | ᠊ᡎ | q | 184E | |
ᡐ | ᠊ᡐ᠊ | ᠊ᡐ | t | 1850 | |
ᡑ | ᡑ | ᡑ | d | 1851 | |
ᡔ | ᠊ᡔ᠊ | ᠊ᡔ | c | 1854 | |
ᡒ | ᠊ᡒ᠊ | ᠊ᡒ | ch | 1852 | |
ᠴ | ᠴ | z | 1834 | ||
ᡓ | ᡓ | j | 1853 | ||
ᡕ | ᠊ᡕ | ᠊ᠢ | y | 1855 | |
ᠷ᠊ | ᠊ᠷ᠊ | ᠷ | r | 1837 | ᠬᠤᠳᠤᠮ ᠮᠣᠩᠭᠤᠯ ᠪᠢᠴᠢᠭ ᠯᠦᠭᠡ ᠠᠳᠠᠯᠢ |
ᡊ᠊ | ᡊ | ng | 184A | ||
ᠭᠠᠳᠠᠭᠠᠳᠤ ᠦᠭᠡᠨ ᠳ᠋ᠦ ᠣᠷᠤᠳᠠᠭ | |||||
ᡌ | ᡌ | ᠊ᡌ | p/f | 184C | |
ᡙ᠊ | ᡙ | h | 1859 | ||
ᡘ | ᡘ | ᠊ᡘ | g | 1858 | |
ᡗ | ᡗ | ᠊ᡗ | kh | 1857 | |
ᡚ | ᡚ | j | 185A | ||
ᡛ | ᡛ | ñ | 185B | ||
ᡜ | ᡜ | dz | 185C | ||
ᢘ | ᢘ | ᢘ | t | 1898 | |
ᢙ | ᢙ | zh | 1899 | ||
ᠸ | ᠊ᠸ᠊ | ᠊ᠸ | f | 1838 | |
ᡖ | ᡖ | ᠊ᡖ | w | 1856 |
ᠴᠠᠬᠢᠮᠵᠢᠯᠲᠠ
ᠲᠡᠦᠬᠡ
1635 ᠣᠨ ᠳᠤ ᠪᠠᠭᠠᠲᠤᠷ ᠬᠤᠩᠲᠠᠶᠢᠵᠢ ᠵᠡᠭᠦᠨᠭᠠᠷ ᠤᠯᠤᠰ ᠤᠨ ᠡᠵᠡᠨ ᠪᠣᠯᠵᠤ᠂ ᠰᠢᠨᠡ ᠮᠠᠨᠳᠤᠭᠰᠠᠨ ᠤᠯᠤᠰ ᠢ ᠪᠠᠨ ᠪᠡᠬᠢᠵᠢᠭᠦᠯᠬᠦ᠂ ᠦᠢᠯᠡᠳᠪᠦᠷᠢᠯᠡᠬᠦ ᠬᠦᠴᠦᠨ ᠢ ᠤᠷᠤᠭᠰᠢ ᠬᠥᠭᠵᠢᠭᠦᠯᠵᠦ᠂ ᠱᠠᠰᠢᠨ ᠰᠤᠶᠤᠯ ᠢ ᠳᠡᠯᠭᠡᠷᠡᠭᠦᠯᠬᠦ ᠳᠦ ᠶᠡᠬᠡᠬᠡᠨ ᠨᠥᠯᠥᠭᠡ ᠲᠡᠢ ᠪᠠᠶ᠋ᠢᠪᠠ᠃
ᠣᠶ᠋ᠢᠷᠠᠳ ᠤᠨ ᠵᠠᠶᠠ ᠪᠠᠨᠳᠢᠳᠠ ᠨᠠᠮᠬᠠᠶ᠋ᠢᠵᠠᠮᠴᠣ (1599-1662) ᠲᠣᠳᠣ ᠦᠰᠦᠭ ᠢ 1648 ᠣᠨ ᠳᠤ ᠵᠣᠬᠢᠶᠠᠭᠰᠠᠨ ᠨᠢ ᠡᠭᠦᠨ ᠦ ᠨᠢᠭᠡ ᠭᠡᠷᠡᠴᠢ ᠶᠤᠮ᠃
ᠵᠠᠶᠠ ᠪᠠᠨᠳᠢᠳᠠ 17 ᠨᠠᠰᠤᠨ ᠳᠤ ᠪᠠᠨ ᠮᠠᠨ᠍ᠵᠤᠱᠷᠢ ᠬᠤᠲᠤᠬᠲᠤ ᠡᠴᠡ ᠭᠡᠴᠡᠯ ᠰᠠᠬᠢᠯ᠂ 19 ᠨᠠᠰᠤᠨ ᠳᠤ ᠪᠠᠨ ᠪᠣᠭᠳᠠ ᠪᠯᠠᠮᠠ ᠠᠴᠠ ᠭᠡᠯᠦᠩ ᠰᠠᠬᠢᠯ ᠬᠦᠷᠲᠡᠵᠡᠢ᠃
ᠵᠠᠶᠠ ᠭᠡᠭᠡᠭᠡᠨ 1616 ᠣᠨ ᠳᠤ ᠴᠠᠰᠤᠲᠤ ᠶᠢᠨ ᠣᠷᠣᠨ ᠳᠤ ᠣᠳᠵᠤ ᠴᠠᠨᠢᠳ ᠤᠨ ᠨᠣᠮ ᠳᠤ 20 ᠍ᠰᠢᠬᠠᠮ ᠵᠢᠯ ᠰᠤᠷᠤᠯᠴᠠᠨ᠂ ᠵᠤᠤ ᠢᠢᠨ ᠷᠠᠪᠵᠠᠮᠪᠠ ᠴᠣᠯᠠ ᠬᠠᠮᠠᠭᠠᠯᠠᠭᠰᠠᠨ᠃
ᠮᠣᠩᠭᠣᠯ ᠨᠤᠲᠤᠭ ᠲᠤ ᠪᠠᠨ 1639 ᠣᠨ ᠤ ᠨᠠᠮᠤᠷ ᠡᠷᠭᠢᠨ ᠢᠷᠡᠵᠦ ᠨᠠᠰᠤᠨ ᠥᠭᠡᠳᠡ ᠪᠣᠯᠲᠠᠯᠠ ᠪᠠᠨ ᠨᠡᠶ᠋ᠢᠭᠡᠮ᠂ ᠤᠯᠤᠰ ᠲᠥᠷᠥ᠂ ᠱᠠᠰᠢᠨ᠂ ᠰᠤᠶᠤᠯ ᠤᠨ ᠠᠮᠢᠳᠤᠷᠠᠯ ᠳᠤ ᠢᠳᠡᠪᠬᠢᠲᠡᠢ ᠣᠷᠣᠯᠴᠠᠵᠤ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠢ ᠬᠠᠮᠠᠭᠠᠯᠠᠬᠤ᠂ ᠪᠤᠷᠬᠠᠨ ᠤ ᠱᠠᠰᠢᠨ ᠢ ᠳᠡᠯᠭᠡᠷᠡᠭᠦᠯᠬᠦ᠂ ᠰᠤᠶᠤᠯ ᠢ ᠬᠥᠭᠵᠢᠭᠦᠯᠬᠦ ᠲᠠᠯᠠ ᠪᠠᠷ ᠶᠡᠬᠡ ᠦᠢᠯᠡᠰ ᠪᠦᠲᠦᠭᠡᠭᠰᠡᠨ᠃
ᠵᠠᠶ ᠠ᠋ ᠪᠠᠨᠳᠢᠳᠠ ᠨᠠᠮᠬᠠᠢᠢᠵᠠᠮᠴᠣ ᠪᠡᠷ ᠡᠨᠡ ᠬᠤᠭᠤᠴᠠᠭᠠᠨ ᠳᠤ ᠲᠣᠳᠣ ᠪᠢᠴᠢᠭ ᠢ ᠵᠣᠬᠢᠶᠠᠭᠰᠠᠨ᠃
ᠲᠶ᠋ᠢᠨᠬᠦᠦ ᠣᠶ᠋ᠢᠷᠠᠳ ᠤᠨ ᠶᠡᠬᠡ ᠬᠦᠷᠢᠶᠡᠨ ᠦ ᠳᠡᠷᠭᠡᠳᠡ ᠨᠣᠮᠴᠢ ᠮᠡᠷᠭᠡᠳ ᠦᠨ ᠳᠠᠭᠤᠨ ᠬᠥᠷᠪᠡᠭᠦᠯᠭᠡ᠂ ᠡᠷᠳᠡᠮ ᠤᠬᠠᠭᠠᠨ ᠳᠤ ᠰᠤᠷᠭᠠᠬᠤ "ᠪᠢᠴᠢᠭ ᠦᠨ ᠰᠤᠷᠭᠠᠭᠤᠯᠢ" ᠍ ᠶᠢ ᠪᠠᠶᠢᠭᠤᠯᠵᠤ᠂ ᠷᠠᠳᠨᠠᠪᠠᠳᠠᠷ ᠠ᠋᠂ ᠡᠷᠬᠡ ᠴᠣᠷᠵᠢ ᠪᠤᠶᠤ ᠣᠭᠲᠠᠷᠭᠤᠢ ᠶᠢᠨ ᠢᠯᠭᠠᠭᠤᠭᠰᠠᠨ ᠪᠢᠯᠢᠭᠲᠦ᠂ ᠠᠴᠢᠲᠤ ᠴᠣᠷᠵᠢ᠂ ᠨᠠᠩᠰᠠ ᠨᠠᠷ ᠤᠨ ᠪᠢᠯᠢᠭ ᠣᠶᠤᠨ ᠬᠤᠷᠴᠠ᠂ ᠪᠢᠴᠢᠭ ᠨᠣᠮ ᠤᠨ ᠮᠡᠷᠭᠡᠳ ᠢ ᠲᠥᠷᠥᠭᠦᠯᠦᠨ ᠭᠠᠷᠭᠠᠭᠰᠠᠨ ᠶᠤᠮ᠃
ᠲᠣᠳᠣ ᠪᠢᠴᠢᠭ ᠢ ᠵᠣᠬᠢᠶᠠᠬᠤ ᠳᠤ ᠪᠠᠨ ᠮᠣᠩᠭᠣᠯ ᠦᠰᠦᠭ ᠢ ᠪᠡᠨ ᠤᠯᠠᠮ ᠲᠣᠳᠣᠷᠬᠠᠢ ᠪᠣᠯᠭᠠᠵᠤ᠂ ᠶᠠᠷᠢᠶᠠᠨ ᠤ ᠬᠡᠯᠡᠨ ᠳᠦ ᠣᠶ᠋ᠢᠷᠠᠲᠤᠭᠤᠯᠤᠭᠰᠠᠨ ᠦᠰᠦᠭ ᠵᠣᠬᠢᠶᠠᠬᠤ ᠴᠢᠭ᠌ ᠪᠠᠷᠢᠮᠲᠠᠯᠠᠵᠠᠢ᠃
ᠶᠤᠸᠠᠨ ᠭᠦᠷᠦᠨ ᠦ ᠦᠶᠡ ᠶᠢᠨ ᠲᠥᠪᠡᠳ ᠦᠨ ᠫᠠᠭᠪᠠ ᠪᠯᠠᠮ ᠠ᠋ ᠳᠥᠷᠪᠡᠯᠵᠢᠨ ᠪᠢᠴᠢᠭ ᠵᠣᠬᠢᠶᠠᠭᠰᠠᠨ ᠠᠴᠠ ᠬᠣᠶ᠋ᠢᠰᠢ 379 ᠵᠢᠯ ᠦᠨ ᠳᠠᠷᠠᠭᠠ ᠠᠩᠬᠠ ᠤᠳᠠᠭᠠ ᠮᠣᠩᠭᠣᠯ ᠬᠦᠮᠦᠨ ᠳᠠᠭᠤᠨ ᠤᠬᠠᠭᠠᠨ ᠤ ᠣᠨᠣᠯ ᠢ ᠭᠠᠷᠮᠠᠭᠠᠢ ᠡᠵᠡᠮᠰᠢᠨ ᠦᠰᠦᠭ ᠪᠢᠴᠢᠭ ᠢ ᠪᠡᠨ ᠵᠠᠰᠠᠨ ᠰᠠᠶ᠋ᠢᠵᠢᠷᠠᠭᠤᠯᠵᠤ᠂ ᠠᠮᠢᠳᠤ ᠶᠠᠷᠢᠶᠠᠨ ᠤ ᠬᠡᠯᠡᠨ ᠳᠦ ᠣᠶ᠋ᠢᠷᠠᠲᠤᠭᠤᠯᠬᠤ ᠣᠷᠣᠯᠳᠤᠯᠭᠠ ᠪᠠᠶ᠋ᠢᠭᠰᠠᠨ ᠬᠢᠭᠡᠳ ᠬᠣᠵᠢᠮ ᠤᠨ ᠣᠯᠠᠨ ᠪᠢᠴᠢᠭ ᠵᠣᠬᠢᠶᠠᠭᠳᠠᠨ ᠭᠠᠷᠬᠤ ᠶᠢᠨ ᠣᠷᠣᠨ ᠪᠣᠯᠵᠠᠢ᠃
ᠣᠶ᠋ᠢᠷᠠᠳ ᠤᠨ ᠠᠶᠠᠯᠭᠤᠨ ᠳᠤ ᠲᠣᠬᠢᠷᠠᠬᠤ ᠰᠢᠨᠡ ᠴᠠᠭᠠᠨ ᠲᠣᠯᠣᠭᠠᠢ ᠵᠣᠬᠢᠶᠠᠭᠰᠠᠨ ᠢᠢᠠᠷ ᠣᠶ᠋ᠢᠷᠠᠳ ᠤᠨ ᠪᠢᠴᠢᠭ ᠦᠨ ᠬᠡᠯᠡ ᠪᠤᠶᠤ ᠤᠳᠬᠠ ᠵᠣᠬᠢᠶᠠᠯ ᠤᠨ ᠬᠡᠯᠡ ᠬᠥᠭᠵᠢᠬᠦ ᠡᠭᠦᠰᠦᠯ ᠢ ᠲᠠᠯᠪᠢᠵᠠᠢ᠃
ᠡᠭᠦᠨ ᠦ ᠲᠣᠳᠣ ᠵᠢᠱᠢᠶᠡ ᠪᠣᠯ ᠲᠡᠷᠡ ᠪᠡᠷ ᠥᠪᠡᠷ ᠦᠨ ᠱᠠᠪᠢ ᠨᠠᠷ ᠤᠨ ᠬᠠᠮᠲᠤ 1650-1662 ᠣᠨ ᠳᠤ ᠭᠣᠣᠯ ᠲᠥᠯᠥᠪ ᠪᠤᠷᠬᠠᠨ ᠱᠠᠰᠢᠨ ᠤ ᠬᠣᠯᠪᠣᠭᠳᠠᠯ ᠲᠠᠢ 177 ᠨᠣᠮ ᠵᠣᠬᠢᠶᠠᠯ ᠢ᠂ ᠲᠡᠭᠦᠨ ᠡᠴᠡ ᠬᠣᠶ᠋ᠢᠰᠢ ᠱᠠᠪᠢ ᠨᠠᠷ ᠨᠢ 37 ᠵᠣᠬᠢᠶᠠᠯ ᠢ ᠲᠥᠪᠡᠳ ᠬᠡᠯᠡᠨ ᠡᠴᠡ ᠲᠤᠰ ᠲᠤᠰ ᠣᠷᠴᠢᠭᠤᠯᠤᠨ᠂ ᠲᠣᠳᠣ ᠪᠢᠴᠢᠭ ᠢᠶᠡᠷ ᠪᠠᠭᠤᠯᠭᠠᠵᠠᠢ᠃
ᠡᠳᠡᠭᠡᠷ ᠦᠨ ᠶᠡᠬᠡᠩᠬᠢ ᠨᠢ ᠮᠠᠨᠵᠤ ᠶᠢᠨ ᠲᠦᠷᠢᠮᠡᠭᠡᠶ᠋ᠢᠯᠡᠯ ᠦᠨ ᠦᠶᠡ ᠳᠦ ᠦᠷᠡᠨ ᠲᠠᠷᠠᠨ ᠪᠣᠯᠵᠤ ᠤᠰᠠᠳᠤᠭᠰᠠᠨ᠃
ᠭᠡᠪᠡᠴᠦ ᠣᠳᠣ ᠦᠶᠡ ᠳᠦ ᠬᠡᠯᠡ ᠵᠣᠬᠢᠶᠠᠯ ᠤᠨ ᠬᠦᠷᠢᠶᠡᠯᠡᠩ᠂ ᠬᠣᠪᠳᠤ ᠶᠢᠨ ᠪᠠᠭᠰᠢ ᠶᠢᠨ ᠳᠡᠭᠡᠳᠦ ᠰᠤᠷᠭᠠᠭᠤᠯᠢ᠂ ᠬᠤᠪᠢ ᠬᠦᠮᠦᠨ᠂ ᠰᠠᠨ᠍ᠺᠲ-ᠫᠧᠲ᠋ᠧᠷᠪᠦ᠋ᠷᠭ᠌ ᠬᠣᠲᠠ ᠶᠢᠨ ᠨᠣᠮ ᠤᠨ ᠰᠠᠩ᠂ ᠤᠯᠠᠭᠠᠨ-ᠦᠳᠡ ᠬᠣᠲᠠ ᠶᠢᠨ ᠮᠣᠩᠭᠣᠯ ᠲᠥᠪᠡᠳ ᠪᠤᠲᠲᠾᠠ ᠶᠢᠨ ᠰᠤᠳᠤᠯᠤᠯ ᠤᠨ ᠬᠦᠷᠢᠶᠡᠯᠡᠩ ᠦᠨ ᠮᠣᠩᠭᠣᠯ ᠨᠣᠮ ᠤᠨ ᠰᠠᠩ ᠬᠥᠮᠥᠷᠭᠡ ᠳᠦ ᠬᠠᠳᠠᠭᠠᠯᠠᠭᠳᠠᠵᠤ ᠪᠠᠶ᠋ᠢᠨᠠ᠃
ᠲᠣᠳᠣ ᠪᠢᠴᠢᠭ ᠢ 1924 ᠣᠨ ᠬᠦᠷᠲᠡᠯᠡ ᠣᠷᠣᠰ ᠳᠠᠬᠢ ᠬᠠᠯᠢᠮᠠᠭ ᠤᠳ ᠬᠡᠷᠡᠭᠯᠡᠵᠦ ᠪᠠᠶ᠋ᠢᠭᠰᠠᠨ᠃
ᠬᠢᠲᠠᠳ ᠤᠨ ᠰᠢᠨ ᠡ᠋ ᠬᠢᠵᠠᠭᠠᠷ ᠤᠨ ᠣᠶ᠋ᠢᠷᠠᠳ ᠤᠳ ᠣᠳᠣ ᠪᠣᠯᠲᠠᠯᠠ ᠬᠡᠷᠡᠭᠯᠡᠵᠦ ᠪᠠᠶ᠋ᠢᠨᠠ᠃
ᠰᠤᠳᠤᠯᠭᠠ
ᠮᠣᠩᠭᠣᠯ ᠳᠤ ᠲᠣᠳᠣ ᠪᠢᠴᠢᠭ ᠦᠨ ᠲᠠᠯᠠ ᠪᠠᠷ ᠰᠤᠳᠤᠯᠭᠠ ᠬᠢᠭᠰᠡᠨ ᠬ ∙ ᠯᠤᠪᠰᠠᠩᠪᠠᠯᠳᠠᠨ ᠨᠠᠷ ᠤᠨ ᠣᠯᠠᠨ ᠡᠷᠳᠡᠮᠲᠡᠳ ᠪᠠᠶ᠋ᠢᠳᠠᠭ᠃
ᠬᠣᠪᠳᠣ ᠶᠢᠨ ᠪᠠᠭᠰᠢ ᠶᠢᠨ ᠳᠡᠭᠡᠳᠦ ᠰᠤᠷᠭᠠᠭᠤᠯᠢ ᠶᠢᠨ ᠪᠠᠭᠰᠢ ᠠᠭᠰᠠᠨ ᠭᠠᠯᠵᠢᠭᠠᠨ ᠵᠠᠮᠢᠶᠠᠨ "ᠲᠣᠳᠣ ᠪᠢᠴᠢᠭ ᠦᠨ ᠬᠠᠷᠢᠴᠠᠭᠤᠯᠤᠭᠰᠠᠨ ᠰᠤᠳᠤᠯᠭᠠ" ᠰᠡᠳᠦᠪ ᠢᠶ᠋ᠡᠷ 1969 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠲᠡᠭᠦᠰᠬᠦ ᠳ᠋ᠢᠫᠯᠣᠮ ᠤᠨ ᠠᠵᠢᠯ ᠪᠢᠴᠢᠭᠰᠡᠨ᠃
ᠬᠣᠵᠢᠮ ᠰᠤᠳᠤᠯᠭᠠ ᠶᠢ ᠪᠠᠨ ᠥᠷᠭᠡᠵᠢᠭᠦᠯᠦᠨ᠂ 1984 ᠣᠨ ᠳᠤ ᠬᠡᠯᠡ ᠰᠢᠨᠵᠢᠯᠡᠯ ᠦᠨ ᠳ᠋ᠣᠺᠲ᠋ᠣᠷ (Ph.D) ᠍ ᠤᠨ ᠵᠡᠷᠭᠡ ᠬᠠᠮᠠᠭᠠᠯᠠᠭᠰᠠᠨ ᠶᠤᠮ᠃
ᠲᠡᠦᠬᠡ ᠰᠤᠶᠤᠯ᠂ ᠬᠡᠯᠡ ᠪᠢᠴᠢᠭ ᠰᠤᠳᠤᠯᠤᠯ ᠤᠨ ᠲᠣᠳᠤ ᠨᠣᠮ ᠤᠨ ᠭᠡᠷᠡᠯ ᠲᠥᠪ ᠦᠨ ᠡᠷᠳᠡᠮᠲᠡᠳ ᠨᠠ᠊.ᠰᠦᠬᠡᠪᠠᠭᠠᠲᠤᠷ᠂ ᠪ ∙ ᠲᠦᠪᠰᠢᠨᠲᠡᠭᠦᠰ ᠨᠠᠷ ᠲᠣᠳᠣ ᠪᠢᠴᠢᠭ ᠰᠤᠳᠤᠯᠤᠯ ᠢ ᠬᠥᠭᠵᠢᠭᠦᠯᠬᠦ ᠲᠠᠯᠠ ᠪᠠᠷ ᠰᠠᠨᠠᠭᠠᠴᠢᠯᠠᠭᠠ ᠲᠠᠢ ᠠᠵᠢᠯᠯᠠᠵᠤ ᠪᠠᠶ᠋ᠢᠨᠠ᠃
ᠲᠡᠳᠡ ᠲᠣᠳᠣ ᠪᠢᠴᠢᠭ ᠦᠨ ᠰᠤᠷᠬᠤ ᠪᠢᠴᠢᠭ᠂ ᠲᠣᠯᠢ ᠪᠢᠴᠢᠭ ᠬᠡᠪᠯᠡᠭᠦᠯᠦᠨ ᠨᠡᠶ᠋ᠢᠲᠡ ᠶᠢᠨ ᠬᠦᠷᠲᠡᠭᠡᠯ ᠪᠣᠯᠭᠠᠵᠤ ᠪᠠᠶ᠋ᠢᠨᠠ᠃[1]
ᠡᠬᠢ ᠰᠤᠷᠪᠤᠯᠵᠢ
- ↑ ᠯ ∙ ᠴᠢᠯᠠᠭᠤᠨᠪᠠᠭᠠᠲᠤᠷ᠃ ᠨᠡᠭᠦᠳᠡᠯᠴᠢᠨ ᠮᠣᠩᠭᠣᠯᠴᠤᠳ ᠤᠨ ᠪᠢᠴᠢᠭ ᠦᠰᠦᠭ ᠦᠨ ᠰᠤᠶᠤᠯ᠃ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠬᠡᠪᠯᠡᠬᠦ ᠦᠢᠯᠡᠳᠪᠦᠷᠢ ᠳᠦ ᠬᠡᠪᠯᠡᠪᠡ᠃ УБ᠃ 2001᠃