ᠲᠣᠳᠤ ᠪᠢᠴᠢᠭ

Wikibilig-с

ᠲᠣᠳᠣ ᠪᠢᠴᠢᠭ ᠪᠣᠯ ᠮᠣᠩᠭᠣᠯ ᠪᠢᠴᠢᠭ ᠦᠨ ᠳᠦᠷᠢᠮ ᠢ ᠮᠣᠩᠭᠣᠯ ᠬᠡᠯᠡᠨ ᠦ ᠶᠠᠷᠢᠶ᠎ᠠ᠂ ᠳᠠᠭᠤᠳᠠᠯᠭ᠎ᠠ ᠳᠤ ᠣᠶ᠋ᠢᠷᠠᠲᠤᠭᠤᠯᠬᠤ ᠵᠣᠷᠢᠯᠭ᠎ᠠ ᠪᠠᠷ ᠵᠣᠬᠢᠶᠠᠭᠰᠠᠨ ᠪᠢᠴᠢᠭ ᠶᠤᠮ᠃

ᠣᠶ᠋ᠢᠷᠠᠳ ᠠᠶᠠᠯᠭᠤᠨ ᠳᠤ ᠵᠣᠷᠢᠭᠤᠯᠵᠤ ᠵᠣᠬᠢᠶᠠᠭᠰᠠᠨ ᠭᠡᠳᠡᠭ ᠣᠶ᠋ᠢᠯᠠᠭᠠᠯᠲᠠ ᠲᠦᠭᠡᠮᠡᠯ ᠪᠠᠶ᠋ᠢᠳᠠᠭ ᠪᠣᠯᠪᠠᠴᠤ ᠶᠡᠷᠦ ᠲᠤᠬᠠᠢ ᠶᠢᠨ ᠦᠶ᠎ᠡ ᠶᠢᠨ ᠨᠡᠶ᠋ᠢᠲᠡ ᠮᠣᠩᠭᠣᠯᠴᠤᠳ ᠲᠤ ᠵᠣᠷᠢᠭᠤᠯᠵᠤ ᠵᠣᠬᠢᠶᠠᠭᠰᠠᠨ ᠪᠠᠶ᠋ᠢᠬᠤ ᠶᠢ ᠦᠭᠡᠶ᠋ᠢᠰᠭᠡᠬᠦ ᠪᠣᠯᠤᠮᠵᠢ ᠦᠭᠡᠢ᠃ᠴᠠᠭᠠᠨ ᠲᠣᠯᠤᠭᠠᠢ[засварлах | кодоор засварлах]


ᠡᠬᠢᠨ ᠳᠤᠮᠳᠠ ᠠᠳᠠᠭ ᠭᠠᠯᠢᠭ ᠶᠦ᠋ᠨᠢᠺᠣᠳ᠋ ᠲᠠᠢᠢᠯᠠᠪᠤᠷᠢ
ᠡᠭᠰᠢᠭ
᠊ᠠ᠊ ᠊ᠠ a 1820 ᠬᠤᠳᠤᠮ ᠮᠣᠩᠭᠤᠯ ᠪᠢᠴᠢᠭ ᠯᠦᠭᠡ ᠠᠳᠠᠯᠢ
᠊ᡄ᠊ ᠊ᡄ᠋᠎ e 1844
ᡅ᠊ ᠊ᡅ᠊ ᠊ᡅ᠋ i 1845
᠊ᡆ᠊ ᠊ᡆ o 1846
ᡇ᠊ ᠊ᡇ᠊ ᠊ᡇ u 1847
᠊ᡈ᠊ ᠊ᡈ ö 1848
ᡉ᠊ ᠊ᡉ᠊ ᠊ᡉ ü 1849
ᠤᠷᠲᠤ ᠡᠭᠰᠢᠭ
ᠠᡃ᠊ ᠊ᠠᡃ᠊ ᠊ᠠᡃ aa 1820
+
1843
ᡄᡃ᠊ ᠊ᡄᡃ᠊ ᠊ᡄᡃ᠊ ee 1844
+
1843
ᡅᡕᡅ᠊ ᠊ᡅᡕᡅ᠊ ᠊ᡅᠶ ii 1845
+
1855
+
(1845)
ᡆᡃ᠊ ᠊ᡆᡃ᠊ ᠊ᡆᡃ᠊ oo 1846
+
1843
ᡆᡇ᠊ ᠊ᡆᡇ᠊ ᠊ᡆᡇ uu 1846
+
1847
ᡈᡃ᠊ ᠊ᡈᡃ᠊ ᠊ᡈᡃ᠊ öö 1848
+
1843
ᡈᡉ᠊ ᠊ᡈᡉ᠊ ᠊ᡈᡉ üü 1848
+
1849
ᠭᠡᠢᠢᠯᠭᠦᠯᠦᠭᠴᠢ
ᡋ᠊ ᠊ᡋ᠊ b 184B
ᡏ᠊ ᠊ᡏ᠊ m 184F
᠊ᠯ᠊ ᠊ᠯ l 182F ᠬᠤᠳᠤᠮ ᠮᠣᠩᠭᠤᠯ ᠪᠢᠴᠢᠭ ᠯᠦᠭᠡ ᠠᠳᠠᠯᠢ
᠊ᠰ᠊ ᠊ᠰ s 1830 ᠬᠤᠳᠤᠮ ᠮᠣᠩᠭᠤᠯ ᠪᠢᠴᠢᠭ ᠯᠦᠭᠡ ᠠᠳᠠᠯᠢ
᠊ᠱ᠊ ᠊ᠱ sh 1831 ᠬᠤᠳᠤᠮ ᠮᠣᠩᠭᠤᠯ ᠪᠢᠴᠢᠭ ᠯᠦᠭᠡ ᠠᠳᠠᠯᠢ
᠊ᠨ᠊ ᠊ᠨ n 1828 ᠬᠤᠳᠤᠮ ᠮᠣᠩᠭᠤᠯ ᠪᠢᠴᠢᠭ ᠯᠦᠭᠡ ᠠᠳᠠᠯᠢ
᠊ᡍ᠊ x 184D
᠊ᡎ q 184E
᠊ᡐ᠊ ᠊ᡐ t 1850
d 1851
᠊ᡔ᠊ ᠊ᡔ c 1854
᠊ᡒ᠊ ᠊ᡒ ch 1852
z 1834
j 1853
᠊ᡕ ᠊ᠢ y 1855
ᠷ᠊ ᠊ᠷ᠊ r 1837 ᠬᠤᠳᠤᠮ ᠮᠣᠩᠭᠤᠯ ᠪᠢᠴᠢᠭ ᠯᠦᠭᠡ ᠠᠳᠠᠯᠢ
ᡊ᠊ ng 184A
ᠭᠠᠳᠠᠭᠠᠳᠤ ᠦᠭᠡᠨ ᠳ᠋ᠦ ᠣᠷᠤᠳᠠᠭ
᠊ᡌ p/f 184C
ᡙ᠊ h 1859
᠊ᡘ g 1858
᠊ᡗ kh 1857
j 185A
ñ 185B
dz 185C
t 1898
zh 1899
᠊ᠸ᠊ ᠊ᠸ f 1838
᠊ᡖ w 1856


ᠴᠠᠬᠢᠮᠵᠢᠯᠲᠠ[засварлах | кодоор засварлах]


ᠭᠠᠷ ᠤᠲᠠᠰᠤᠨ ‍ᠳᠤ ᠲᠣᠳᠤ ᠪᠢᠴᠢᠭ ‍ᠢᠢᠡᠷ ᠰᠢᠪᠡᠬᠦ ᠭᠠᠷ ᠨᠡᠭᠡᠭᠡᠭᠳᠡᠭᠰᠡᠨ ᠪᠠᠢᠢᠳᠠᠯ


Unicode ᠳ᠋ᠤ ᠮᠣᠩᠭᠤᠯ ᠪᠢᠴᠢᠭ ‍ᠦᠨ U+1800 – U+18AF ᠪᠠᠭᠴᠠ ᠳᠣᠲᠤᠷ ‍ᠠ᠋ 1893 - 185C ᠬᠡᠰᠡᠭ ᠨᠢ ᠲᠣᠳᠤ ᠪᠢᠴᠢᠭ ᠲᠦ ᠣᠨᠤᠭᠠᠭᠳᠠᠭᠰᠠᠨ᠃[1]

ᠪᠠᠰᠠ ᠦᠨᠳᠦᠰᠦᠨ ᠮᠣᠩᠭᠤᠯ ᠵᠠᠷᠢᠮ ᠦᠰᠦᠭ ‍ᠦᠨ ᠺᠣᠳ᠋ ‍ᠤᠨ ᠳ᠌ᠤᠭᠠᠷ ᠲᠣᠳᠤ ᠪᠢᠴᠢᠭ ‍ᠦᠨ ᠬᠦᠲᠷᠢᠶᠡᠨ ᠳ᠋ᠦ ᠪᠠᠰᠠ ᠬᠡᠷᠡᠭᠯᠡᠭᠳᠡᠨ᠎ᠡ᠋᠃
Unicode ᠰᠲ᠋ᠠᠨ᠍ᠲᠠᠷᠳ᠋ ‍ᠢᠢᠠᠷ ᠪᠢᠴᠢᠬᠦ ᠲᠣᠬᠢᠶᠠᠯᠳᠤᠯ ᠳ᠋ᠤᠷ ᠮᠣᠩᠭᠤᠯ ᠪᠢᠴᠢᠭ ‍ᠦᠨ ᠹᠣᠨ᠍ᠲ ᠬᠡᠷᠡᠭᠯᠡᠵᠦ ᠪᠣᠯᠤᠨ᠎ᠠ᠃

Android ᠦᠢᠯᠡᠳᠡᠯ ‍ᠦᠨ ᠰᠢᠰᠲ᠋ᠧᠮ ᠲᠠᠢ ᠭᠠᠷ ᠤᠲᠠᠰᠤᠨ ‍ᠤ ᠮᠦᠯᠲ᠋ᠢᠯᠢᠩ 0 ᠭᠠᠷ ᠨᠢ ᠲᠣᠳᠤ ᠪᠢᠴᠢᠭ ‍ᠢᠢᠡᠷ ᠰᠢᠪᠡᠬᠦ ᠰᠣᠩᠭᠤᠯᠲᠠ ᠲᠠᠢ ᠢᠷᠡᠳᠡᠭ᠃


ᠲᠡᠦᠬᠡ[засварлах | кодоор засварлах]


ᠵᠡᠭᠦᠨ ᠭᠠᠷ ‍ᠤᠨ ᠬᠠᠭᠠᠨᠲᠤ ᠤᠯᠤᠰ ‍ᠤᠨ ᠦᠶ ‍ᠡ᠋ ‍ᠢᠢᠨ ᠲᠣᠳᠤ ᠪᠢᠴᠢᠭ ‍ᠦᠨ ᠳᠤᠷᠠᠰᠬᠠᠯ᠃ ᠡᠳᠦᠭᠡ ᠬᠠᠰᠠᠭ ᠤᠯᠤᠰ ‍ᠤᠨ ᠠᠯᠮᠠᠲᠠ ᠮᠣᠵᠢ ᠳ᠋ᠤ ᠪᠤᠢ1635 ᠣᠨ ᠳᠤ ᠪᠠᠭᠠᠲᠤᠷ ᠬᠤᠩᠲᠠᠶᠢᠵᠢ ᠵᠡᠭᠦᠨᠭᠠᠷ ᠤᠯᠤᠰ ᠤᠨ ᠡᠵᠡᠨ ᠪᠣᠯᠵᠤ᠂ ᠰᠢᠨ᠎ᠡ ᠮᠠᠨᠳᠤᠭᠰᠠᠨ ᠤᠯᠤᠰ ‍ᠢ ᠪᠠᠨ ᠪᠡᠬᠢᠵᠢᠭᠦᠯᠬᠦ᠂ ᠦᠢᠯᠡᠳᠪᠦᠷᠢᠯᠡᠬᠦ ᠬᠦᠴᠦᠨ ᠢ ᠤᠷᠤᠭᠰᠢ ᠬᠥᠭᠵᠢᠭᠦᠯᠵᠦ᠂ ᠱᠠᠰᠢᠨ ᠰᠤᠶᠤᠯ ᠢ ᠳᠡᠯᠭᠡᠷᠡᠭᠦᠯᠬᠦ ᠳᠦ ᠶᠡᠬᠡᠬᠡᠨ ᠨᠥᠯᠥᠭᠡ ᠲᠡᠢ ᠪᠠᠶ᠋ᠢᠪᠠ᠃

ᠣᠶ᠋ᠢᠷᠠᠳ ᠤᠨ ᠵᠠᠶ᠎ᠠ ᠪᠠᠨᠳᠢᠳᠠ ᠨᠠᠮᠬᠠᠶ᠋ᠢᠵᠠᠮᠴᠣ (1599-1662) ᠲᠣᠳᠣ ᠦᠰᠦᠭ ᠢ 1648 ᠣᠨ ᠳᠤ ᠵᠣᠬᠢᠶᠠᠭᠰᠠᠨ ᠨᠢ ᠡᠭᠦᠨ ᠦ ᠨᠢᠭᠡ ᠭᠡᠷᠡᠴᠢ ᠶᠤᠮ᠃

ᠵᠠᠶ᠎ᠠ ᠪᠠᠨᠳᠢᠳᠠ 17 ᠨᠠᠰᠤᠨ ᠳᠤ ᠪᠠᠨ ᠮᠠᠨ᠍ᠵᠤᠱᠷᠢ ᠬᠤᠲᠤᠬᠲᠤ ᠡᠴᠡ ᠭᠡᠴᠡᠯ ᠰᠠᠬᠢᠯ᠂ 19 ᠨᠠᠰᠤᠨ ᠳᠤ ᠪᠠᠨ ᠪᠣᠭᠳᠠ ᠪᠯᠠᠮ᠎ᠠ ᠠᠴᠠ ᠭᠡᠯᠦᠩ ᠰᠠᠬᠢᠯ ᠬᠦᠷᠲᠡᠵᠡᠢ᠃

ᠵᠠᠶ᠎ᠠ ᠭᠡᠭᠡᠭᠡᠨ 1616 ᠣᠨ ᠳᠤ ᠴᠠᠰᠤᠲᠤ ᠶᠢᠨ ᠣᠷᠣᠨ ᠳᠤ ᠣᠳᠵᠤ ᠴᠠᠨᠢᠳ ‍ᠤᠨ ᠨᠣᠮ ᠳᠤ 20 ᠍ᠰᠢᠬᠠᠮ ᠵᠢᠯ ᠰᠤᠷᠤᠯᠴᠠᠨ᠂ ᠵᠤᠤ ‍ᠢᠢᠨ ᠷᠠᠪᠵᠠᠮᠪᠠ ᠴᠣᠯᠠ ᠬᠠᠮᠠᠭᠠᠯᠠᠭᠰᠠᠨ᠃

ᠮᠣᠩᠭᠣᠯ ᠨᠤᠲᠤᠭ ᠲᠤ ᠪᠠᠨ 1639 ᠣᠨ ᠤ ᠨᠠᠮᠤᠷ ᠡᠷᠭᠢᠨ ᠢᠷᠡᠵᠦ ᠨᠠᠰᠤᠨ ᠥᠭᠡᠳᠡ ᠪᠣᠯᠲᠠᠯ᠎ᠠ ᠪᠠᠨ ᠨᠡᠶ᠋ᠢᠭᠡᠮ᠂ ᠤᠯᠤᠰ ᠲᠥᠷᠥ᠂ ᠱᠠᠰᠢᠨ᠂ ᠰᠤᠶᠤᠯ ᠤᠨ ᠠᠮᠢᠳᠤᠷᠠᠯ ᠳᠤ ᠢᠳᠡᠪᠬᠢᠲᠡᠢ ᠣᠷᠣᠯᠴᠠᠵᠤ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠢ ᠬᠠᠮᠠᠭᠠᠯᠠᠬᠤ᠂ ᠪᠤᠷᠬᠠᠨ ᠤ ᠱᠠᠰᠢᠨ ᠢ ᠳᠡᠯᠭᠡᠷᠡᠭᠦᠯᠬᠦ᠂ ᠰᠤᠶᠤᠯ ᠢ ᠬᠥᠭᠵᠢᠭᠦᠯᠬᠦ ᠲᠠᠯ᠎ᠠ ᠪᠠᠷ ᠶᠡᠬᠡ ᠦᠢᠯᠡᠰ ᠪᠦᠲᠦᠭᠡᠭᠰᠡᠨ᠃

ᠵᠠᠶ ‍ᠠ᠋ ᠪᠠᠨᠳᠢᠳᠠ ᠨᠠᠮᠬᠠᠢᠢᠵᠠᠮᠴᠣ ᠪᠡᠷ ᠡᠨᠡ ᠬᠤᠭᠤᠴᠠᠭᠠᠨ ᠳᠤ ᠲᠣᠳᠣ ᠪᠢᠴᠢᠭ ‍ᠢ ᠵᠣᠬᠢᠶᠠᠭᠰᠠᠨ᠃

ᠲᠶ᠋ᠢᠨᠬᠦᠦ ᠣᠶ᠋ᠢᠷᠠᠳ ᠤᠨ ᠶᠡᠬᠡ ᠬᠦᠷᠢᠶᠡᠨ ᠦ ᠳᠡᠷᠭᠡᠳᠡ ᠨᠣᠮᠴᠢ ᠮᠡᠷᠭᠡᠳ ᠦᠨ ᠳᠠᠭᠤᠨ ᠬᠥᠷᠪᠡᠭᠦᠯᠭᠡ᠂ ᠡᠷᠳᠡᠮ ᠤᠬᠠᠭᠠᠨ ᠳᠤ ᠰᠤᠷᠭᠠᠬᠤ "ᠪᠢᠴᠢᠭ ᠦᠨ ᠰᠤᠷᠭᠠᠭᠤᠯᠢ" ᠍ ᠶᠢ ᠪᠠᠶᠢᠭᠤᠯᠵᠤ᠂ ᠷᠠᠳᠨᠠᠪᠠᠳᠠᠷ ‍ᠠ᠋᠂ ᠡᠷᠬᠡ ᠴᠣᠷᠵᠢ ᠪᠤᠶᠤ ᠣᠭᠲᠠᠷᠭᠤᠢ ᠶᠢᠨ ᠢᠯᠭᠠᠭᠤᠭᠰᠠᠨ ᠪᠢᠯᠢᠭᠲᠦ᠂ ᠠᠴᠢᠲᠤ ᠴᠣᠷᠵᠢ᠂ ᠨᠠᠩᠰᠠ ᠨᠠᠷ ᠤᠨ ᠪᠢᠯᠢᠭ ᠣᠶᠤᠨ ᠬᠤᠷᠴᠠ᠂ ᠪᠢᠴᠢᠭ ᠨᠣᠮ ᠤᠨ ᠮᠡᠷᠭᠡᠳ ᠢ ᠲᠥᠷᠥᠭᠦᠯᠦᠨ ᠭᠠᠷᠭᠠᠭᠰᠠᠨ ᠶᠤᠮ᠃

ᠲᠣᠳᠣ ᠪᠢᠴᠢᠭ ᠢ ᠵᠣᠬᠢᠶᠠᠬᠤ ᠳᠤ ᠪᠠᠨ ᠮᠣᠩᠭᠣᠯ ᠦᠰᠦᠭ ‍ᠢ ᠪᠡᠨ ᠤᠯᠠᠮ ᠲᠣᠳᠣᠷᠬᠠᠢ ᠪᠣᠯᠭᠠᠵᠤ᠂ ᠶᠠᠷᠢᠶᠠᠨ ᠤ ᠬᠡᠯᠡᠨ ᠳᠦ ᠣᠶ᠋ᠢᠷᠠᠲᠤᠭᠤᠯᠤᠭᠰᠠᠨ ᠦᠰᠦᠭ ᠵᠣᠬᠢᠶᠠᠬᠤ ᠴᠢᠭ᠌ ᠪᠠᠷᠢᠮᠲᠠᠯᠠᠵᠠᠢ᠃

ᠶᠤᠸᠠᠨ ᠭᠦᠷᠦᠨ ᠦ ᠦᠶ᠎ᠡ ᠶᠢᠨ ᠲᠥᠪᠡᠳ ᠦᠨ ᠫᠠᠭᠪᠠ ᠪᠯᠠᠮ ‍ᠠ᠋ ᠳᠥᠷᠪᠡᠯᠵᠢᠨ ᠪᠢᠴᠢᠭ ᠵᠣᠬᠢᠶᠠᠭᠰᠠᠨ ᠠᠴᠠ ᠬᠣᠶ᠋ᠢᠰᠢ 379 ᠵᠢᠯ ᠦᠨ ᠳᠠᠷᠠᠭ᠎ᠠ ᠠᠩᠬ᠎ᠠ ᠤᠳᠠᠭ᠎ᠠ ᠮᠣᠩᠭᠣᠯ ᠬᠦᠮᠦᠨ ᠳᠠᠭᠤᠨ ᠤᠬᠠᠭᠠᠨ ᠤ ᠣᠨᠣᠯ ᠢ ᠭᠠᠷᠮᠠᠭᠠᠢ ᠡᠵᠡᠮᠰᠢᠨ ᠦᠰᠦᠭ ᠪᠢᠴᠢᠭ  ‍ᠢ ᠪᠡᠨ ᠵᠠᠰᠠᠨ ᠰᠠᠶ᠋ᠢᠵᠢᠷᠠᠭᠤᠯᠵᠤ᠂ ᠠᠮᠢᠳᠤ ᠶᠠᠷᠢᠶᠠᠨ ᠤ ᠬᠡᠯᠡᠨ ᠳᠦ ᠣᠶ᠋ᠢᠷᠠᠲᠤᠭᠤᠯᠬᠤ ᠣᠷᠣᠯᠳᠤᠯᠭ᠎ᠠ ᠪᠠᠶ᠋ᠢᠭᠰᠠᠨ ᠬᠢᠭᠡᠳ ᠬᠣᠵᠢᠮ ᠤᠨ ᠣᠯᠠᠨ ᠪᠢᠴᠢᠭ ᠵᠣᠬᠢᠶᠠᠭᠳᠠᠨ ᠭᠠᠷᠬᠤ ᠶᠢᠨ ᠣᠷᠣᠨ ᠪᠣᠯᠵᠠᠢ᠃

ᠣᠶ᠋ᠢᠷᠠᠳ ᠤᠨ ᠠᠶᠠᠯᠭᠤᠨ ᠳᠤ ᠲᠣᠬᠢᠷᠠᠬᠤ ᠰᠢᠨ᠎ᠡ ᠴᠠᠭᠠᠨ ᠲᠣᠯᠣᠭᠠᠢ ᠵᠣᠬᠢᠶᠠᠭᠰᠠᠨ ‍ᠢᠢᠠᠷ ᠣᠶ᠋ᠢᠷᠠᠳ ᠤᠨ ᠪᠢᠴᠢᠭ ᠦᠨ ᠬᠡᠯᠡ ᠪᠤᠶᠤ ᠤᠳᠬ᠎ᠠ ᠵᠣᠬᠢᠶᠠᠯ ᠤᠨ ᠬᠡᠯᠡ ᠬᠥᠭᠵᠢᠬᠦ ᠡᠭᠦᠰᠦᠯ ᠢ ᠲᠠᠯᠪᠢᠵᠠᠢ᠃

ᠡᠭᠦᠨ ᠦ ᠲᠣᠳᠣ ᠵᠢᠱᠢᠶ᠎ᠡ ᠪᠣᠯ ᠲᠡᠷᠡ ᠪᠡᠷ ᠥᠪᠡᠷ ᠦᠨ ᠱᠠᠪᠢ ᠨᠠᠷ ᠤᠨ ᠬᠠᠮᠲᠤ 1650-1662 ᠣᠨ ᠳᠤ ᠭᠣᠣᠯ ᠲᠥᠯᠥᠪ ᠪᠤᠷᠬᠠᠨ ᠱᠠᠰᠢᠨ ᠤ ᠬᠣᠯᠪᠣᠭᠳᠠᠯ ᠲᠠᠢ 177 ᠨᠣᠮ ᠵᠣᠬᠢᠶᠠᠯ ᠢ᠂ ᠲᠡᠭᠦᠨ ᠡᠴᠡ ᠬᠣᠶ᠋ᠢᠰᠢ ᠱᠠᠪᠢ ᠨᠠᠷ ᠨᠢ 37 ᠵᠣᠬᠢᠶᠠᠯ ᠢ ᠲᠥᠪᠡᠳ ᠬᠡᠯᠡᠨ ᠡᠴᠡ ᠲᠤᠰ ᠲᠤᠰ ᠣᠷᠴᠢᠭᠤᠯᠤᠨ᠂ ᠲᠣᠳᠣ ᠪᠢᠴᠢᠭ ᠢᠶᠡᠷ ᠪᠠᠭᠤᠯᠭᠠᠵᠠᠢ᠃

ᠡᠳᠡᠭᠡᠷ ᠦᠨ ᠶᠡᠬᠡᠩᠬᠢ ᠨᠢ ᠮᠠᠨᠵᠤ ᠶᠢᠨ ᠲᠦᠷᠢᠮᠡᠭᠡᠶ᠋ᠢᠯᠡᠯ ᠦᠨ ᠦᠶ᠎ᠡ ᠳᠦ ᠦᠷᠡᠨ ᠲᠠᠷᠠᠨ ᠪᠣᠯᠵᠤ ᠤᠰᠠᠳᠤᠭᠰᠠᠨ᠃

ᠭᠡᠪᠡᠴᠦ ᠣᠳᠣ ᠦᠶ᠎ᠡ ᠳᠦ ᠬᠡᠯᠡ ᠵᠣᠬᠢᠶᠠᠯ ᠤᠨ ᠬᠦᠷᠢᠶᠡᠯᠡᠩ᠂ ᠬᠣᠪᠳᠤ ᠶᠢᠨ ᠪᠠᠭᠰᠢ ᠶᠢᠨ ᠳᠡᠭᠡᠳᠦ ᠰᠤᠷᠭᠠᠭᠤᠯᠢ᠂ ᠬᠤᠪᠢ ᠬᠦᠮᠦᠨ᠂ ᠰᠠᠨ᠍ᠺᠲ-ᠫᠧᠲ᠋ᠧᠷᠪᠦ᠋ᠷᠭ᠌ ᠬᠣᠲᠠ ᠶᠢᠨ ᠨᠣᠮ ᠤᠨ ᠰᠠᠩ᠂ ᠤᠯᠠᠭᠠᠨ-ᠦᠳᠡ ᠬᠣᠲᠠ ᠶᠢᠨ ᠮᠣᠩᠭᠣᠯ ᠲᠥᠪᠡᠳ ᠪᠤᠲᠲᠾᠠ ᠶᠢᠨ ᠰᠤᠳᠤᠯᠤᠯ ᠤᠨ ᠬᠦᠷᠢᠶᠡᠯᠡᠩ ᠦᠨ ᠮᠣᠩᠭᠣᠯ ᠨᠣᠮ ᠤᠨ ᠰᠠᠩ ᠬᠥᠮᠥᠷᠭᠡ ᠳᠦ ᠬᠠᠳᠠᠭᠠᠯᠠᠭᠳᠠᠵᠤ ᠪᠠᠶ᠋ᠢᠨ᠎ᠠ᠃

ᠲᠣᠳᠣ ᠪᠢᠴᠢᠭ ᠢ 1924 ᠣᠨ ᠬᠦᠷᠲᠡᠯ᠎ᠡ ᠣᠷᠣᠰ ᠳᠠᠬᠢ ᠬᠠᠯᠢᠮᠠᠭ ᠤᠳ ᠬᠡᠷᠡᠭᠯᠡᠵᠦ ᠪᠠᠶ᠋ᠢᠭᠰᠠᠨ᠃

ᠬᠢᠲᠠᠳ ᠤᠨ ᠰᠢᠨ᠎ ‍ᠡ᠋ ᠬᠢᠵᠠᠭᠠᠷ ‍ᠤᠨ ᠣᠶ᠋ᠢᠷᠠᠳ ᠤᠳ ᠣᠳᠣ ᠪᠣᠯᠲᠠᠯ᠎ᠠ ᠬᠡᠷᠡᠭᠯᠡᠵᠦ ᠪᠠᠶ᠋ᠢᠨ᠎ᠠ᠃


ᠰᠤᠳᠤᠯᠭ᠎ᠠ[засварлах | кодоор засварлах]


ᠬᠣᠪᠳᠤ ‍ᠢᠢᠨ ᠶᠡᠬᠡ ᠰᠤᠷᠭᠠᠭᠤᠯᠢ


ᠮᠣᠩᠭᠣᠯ ᠳᠤ ᠲᠣᠳᠣ ᠪᠢᠴᠢᠭ ᠦᠨ ᠲᠠᠯ᠎ᠠ ᠪᠠᠷ ᠰᠤᠳᠤᠯᠭ᠎ᠠ ᠬᠢᠭᠰᠡᠨ ᠬ ∙ ᠯᠤᠪᠰᠠᠩᠪᠠᠯᠳᠠᠨ ᠨᠠᠷ ᠤᠨ ᠣᠯᠠᠨ ᠡᠷᠳᠡᠮᠲᠡᠳ ᠪᠠᠶ᠋ᠢᠳᠠᠭ᠃

ᠬᠣᠪᠳᠣ ᠶᠢᠨ ᠪᠠᠭᠰᠢ ᠶᠢᠨ ᠳᠡᠭᠡᠳᠦ ᠰᠤᠷᠭᠠᠭᠤᠯᠢ ᠶᠢᠨ ᠪᠠᠭᠰᠢ ᠠᠭᠰᠠᠨ ᠭᠠᠯᠵᠢᠭᠠᠨ ᠵᠠᠮᠢᠶᠠᠨ "ᠲᠣᠳᠣ ᠪᠢᠴᠢᠭ ᠦᠨ ᠬᠠᠷᠢᠴᠠᠭᠤᠯᠤᠭᠰᠠᠨ ᠰᠤᠳᠤᠯᠭ᠎ᠠ" ᠰᠡᠳᠦᠪ ‍ᠢᠶ᠋ᠡᠷ 1969 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠲᠡᠭᠦᠰᠬᠦ ᠳ᠋ᠢᠫᠯᠣᠮ ᠤᠨ ᠠᠵᠢᠯ ᠪᠢᠴᠢᠭᠰᠡᠨ᠃

ᠬᠣᠵᠢᠮ ᠰᠤᠳᠤᠯᠭ᠎ᠠ ᠶᠢ ᠪᠠᠨ ᠥᠷᠭᠡᠵᠢᠭᠦᠯᠦᠨ᠂ 1984 ᠣᠨ ᠳᠤ ᠬᠡᠯᠡ ᠰᠢᠨᠵᠢᠯᠡᠯ ᠦᠨ ᠳ᠋ᠣᠺᠲ᠋ᠣᠷ (Ph.D) ᠍ ᠤᠨ ᠵᠡᠷᠭᠡ ᠬᠠᠮᠠᠭᠠᠯᠠᠭᠰᠠᠨ ᠶᠤᠮ᠃

ᠲᠡᠦᠬᠡ ᠰᠤᠶᠤᠯ᠂ ᠬᠡᠯᠡ ᠪᠢᠴᠢᠭ ᠰᠤᠳᠤᠯᠤᠯ ᠤᠨ ᠲᠣᠳᠤ ᠨᠣᠮ ‍ᠤᠨ ᠭᠡᠷᠡᠯ ᠲᠥᠪ ᠦᠨ ᠡᠷᠳᠡᠮᠲᠡᠳ ᠨᠠ᠊.ᠰᠦᠬᠡᠪᠠᠭᠠᠲᠤᠷ᠂ ᠪ ∙ ᠲᠦᠪᠰᠢᠨᠲᠡᠭᠦᠰ ᠨᠠᠷ ᠲᠣᠳᠣ ᠪᠢᠴᠢᠭ ᠰᠤᠳᠤᠯᠤᠯ ᠢ ᠬᠥᠭᠵᠢᠭᠦᠯᠬᠦ ᠲᠠᠯ᠎ᠠ ᠪᠠᠷ ᠰᠠᠨᠠᠭᠠᠴᠢᠯᠠᠭ᠎ᠠ ᠲᠠᠢ ᠠᠵᠢᠯᠯᠠᠵᠤ ᠪᠠᠶ᠋ᠢᠨ᠎ᠠ᠃

ᠲᠡᠳᠡ ᠲᠣᠳᠣ ᠪᠢᠴᠢᠭ ᠦᠨ ᠰᠤᠷᠬᠤ ᠪᠢᠴᠢᠭ᠂ ᠲᠣᠯᠢ ᠪᠢᠴᠢᠭ ᠬᠡᠪᠯᠡᠭᠦᠯᠦᠨ ᠨᠡᠶ᠋ᠢᠲᠡ ᠶᠢᠨ ᠬᠦᠷᠲᠡᠭᠡᠯ ᠪᠣᠯᠭᠠᠵᠤ ᠪᠠᠶ᠋ᠢᠨ᠎ᠠ᠃[2]


ᠡᠬᠢ ᠰᠤᠷᠪᠤᠯᠵᠢ[засварлах | кодоор засварлах]

  1. [https://www.unicode.org/charts/PDF/U1800.pdf Mongolian Range: 1800–18AF]ᠭᠠᠨᠳᠤᠭᠰᠠᠨ 2021/05/08
  2. ᠯ ∙ ᠴᠢᠯᠠᠭᠤᠨᠪᠠᠭᠠᠲᠤᠷ᠃ ᠨᠡᠭᠦᠳᠡᠯᠴᠢᠨ ᠮᠣᠩᠭᠣᠯᠴᠤᠳ ᠤᠨ ᠪᠢᠴᠢᠭ ᠦᠰᠦᠭ ᠦᠨ ᠰᠤᠶᠤᠯ᠃ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠬᠡᠪᠯᠡᠬᠦ ᠦᠢᠯᠡᠳᠪᠦᠷᠢ ᠳᠦ ᠬᠡᠪᠯᠡᠪᠡ᠃ УБ᠃ 2001᠃