ᠨᠢᠮᠪᠡᠭᠡ ᠶ᠋ᠢᠨ ᠬᠦᠴᠢᠯ ᠦᠨ ᠮᠥᠴᠡᠯᠭᠡ
ᠨᠢᠮᠪᠡᠭᠡ ᠶ᠋ᠢᠨ ᠬᠦᠴᠢᠯ ᠦᠨ ᠮᠥᠴᠡᠯᠭᠡ
![](https://upload.wikimedia.org/wikipedia/commons/thumb/0/0b/Citric_acid_cycle_with_aconitate_2.svg/langmn-300px-Citric_acid_cycle_with_aconitate_2.svg.png)
ᠬᠦᠴᠢᠯ ᠦᠨ
ᠮᠥᠴᠡᠯᠭᠡ
ᠪᠦᠳᠦᠭᠦᠪᠴᠢ
ᠵᠢᠷᠤᠭ
ᠨᠢᠮᠪᠡᠭᠡ ᠶ᠋ᠢᠨ ᠬᠦᠴᠢᠯ ᠦᠨ ᠮᠥᠴᠡᠯᠭᠡ (ᠭᠤᠷᠪᠠᠨ ᠻᠠᠷᠪᠣᠨ ᠬᠦᠴᠢᠯ ᠦᠨ ᠮᠥᠴᠡᠯᠭᠡ᠂ ᠻᠷᠸᠪᠰ ᠦᠨ ᠼᠢᠻᠯ) ᠢᠨᠦ ᠨᠡᠭᠥᠷᠡᠰᠦ ᠤᠰᠤᠨ᠂ ᠥᠭᠡᠬᠦ ᠲᠣᠰᠤᠨ ᠪᠠᠰᠠ ᠤᠭᠤᠷᠠᠭ ᠬᠠᠷᠢᠶᠠᠲᠤ ᠪᠣᠳᠠᠰ ᠪᠣᠯᠬᠤ 〈〈ᠠᠼᠸᠲᠢᠯ-ᠲᠤᠰᠠᠯᠬᠤ ᠡᠰᠭᠡᠭ(acetyl-CoA)〉〉ᠢᠰᠬᠦ ᠤᠷᠪᠠᠯ ᠢᠶ᠋ᠠᠷ᠂ ᠬᠦᠴᠢᠯᠲᠥ᠋ᠷᠦᠭᠴᠢ ᠬᠠᠮᠢᠶᠠᠲᠤ ᠮᠠᠬᠠᠪᠣᠳ ᠡᠷᠴᠢᠮ ᠬᠦᠴᠦᠨ ᠡᠭᠦᠰᠭᠡᠬᠦ ᠬᠢᠮᠢ ᠶ᠋ᠢᠨ ᠤᠷᠪᠠᠯ ᠮᠥᠨ᠃ ᠨᠡᠮᠡᠵᠦ ᠳᠤᠷᠠᠳᠬᠤ ᠳ᠋ᠤ᠂ ᠮᠥᠴᠡᠯᠭᠡ ᠢᠨᠦ ᠪᠡᠢ ᠡ᠋ ᠮᠠᠬᠠᠪᠤᠳ ᠢ ᠠᠮᠢᠨ ᠴᠤᠬᠠᠯ ᠠᠩᠭᠢᠵᠢᠷᠠᠭᠤᠯᠤᠭᠴᠢ ᠪᠣᠳᠠᠰ᠂ ᠣᠯᠠᠨ ᠪᠢᠣᠬᠢᠮᠢ ᠶ᠋ᠢᠨ ᠤᠷᠪᠠᠯ ᠳ᠋ᠦ ᠴᠤᠬᠠᠭ᠂ ᠤᠰᠤᠨᠲᠥ᠋ᠷᠦᠭᠴᠢᠲᠤ ᠨᠢᠻᠣᠲᠢᠨᠠᠮᠢᠳ᠋ ᠳ᠋ᠢᠨᠦ᠋ᠻᠯᠢᠶᠣᠲ᠋ᠢᠳ᠋(NADH) ᠢᠶ᠋ᠠᠷ ᠬᠠᠩᠭᠠᠬᠤ ᠡᠭᠦᠷᠭᠡᠲᠡᠢ᠃ ᠲᠤᠰ ᠮᠥᠴᠡᠯᠭᠡ ᠶ᠋ᠢᠨ ᠣᠯᠠᠨ ᠬᠡᠷᠡᠭᠴᠡᠭᠡᠲᠦ᠂ ᠴᠤᠬᠠᠭ ᠪᠠᠢᠢᠳᠠᠯ ᠢ ᠭᠦᠨᠡᠴᠢᠯᠡᠨ ᠰᠤᠳᠤᠯᠪᠠᠰᠤ᠂ ᠪᠢᠣᠯᠣᠭᠢ ᠶ᠋ᠢᠨ ᠪᠤᠰᠤ ᠠᠷᠬ᠋ᠠ᠋ ᠪᠠᠷ ᠡᠭᠦᠰᠴᠦ᠂ ᠪᠣᠳᠠᠰ ᠤᠨ ᠰᠣᠯᠢᠯᠴᠠᠬ᠋ᠠ᠋ ᠶ᠋ᠢᠨ ᠡᠷᠲᠡᠨ ᠦ ᠭᠣᠣᠯ ᠪᠦᠷᠢᠯᠳᠡᠬᠦᠨ ᠮᠥᠨ ᠪᠠᠢᠢᠵᠤᠬᠤᠢ᠃ ᠬᠡᠳᠦᠢᠢᠪᠡᠷ᠂ ᠡᠭᠦᠨ ᠢ ᠮᠥᠴᠡᠯᠭᠡ ᠭᠡᠵᠦ ᠦᠵᠡᠪᠡᠴᠦ᠂ ᠪᠣᠳᠠᠰ ᠤᠨ ᠰᠣᠯᠢᠯᠴᠠᠭᠠᠨ ᠦ ᠵᠠᠮ ᠨᠢᠭᠡ ᠡᠴᠡ ᠶᠡᠬᠡ ᠪᠠᠢᠢᠬᠤ ᠶᠠᠪᠤᠳᠠᠯ ᠣᠯᠠᠨ ᠤᠴᠢᠷ᠂ ᠭᠤᠷᠪᠠᠨ ᠦᠭᠡᠷ ᠡ᠋ ᠵᠠᠮ ᠢᠶ᠋ᠠᠷ ᠶᠠᠪᠤᠳᠠᠭ ᠨᠢᠮᠪᠡᠭᠡ ᠶ᠋ᠢᠨ ᠬᠦᠴᠢᠯ ᠦᠨ ᠮᠥᠴᠡᠯᠭᠡ ᠦᠳ ᠣᠷᠤᠰᠢᠮᠤᠢ᠃