ᠨᠢᠮᠪᠡᠭᠡ ᠶ᠋ᠢᠨ ᠬᠦᠴᠢᠯ ‍ᠦᠨ ᠮᠥᠴᠡᠯᠭᠡ

Wikibilig-с

ᠨᠢᠮᠪᠡᠭᠡ ᠶ᠋ᠢᠨ ᠬᠦᠴᠢᠯ ‍ᠦᠨ ᠮᠥᠴᠡᠯᠭᠡ[засварлах | кодоор засварлах]

ᠨᠢᠮᠪᠡᠭᠡ ᠶ᠋ᠢᠨ
ᠬᠦᠴᠢᠯ ‍ᠦᠨ
ᠮᠥᠴᠡᠯᠭᠡ
ᠪᠦᠳᠦᠭᠦᠪᠴᠢ
ᠵᠢᠷᠤᠭ


ᠨᠢᠮᠪᠡᠭᠡ ᠶ᠋ᠢᠨ ᠬᠦᠴᠢᠯ ‍ᠦᠨ ᠮᠥᠴᠡᠯᠭᠡ (ᠭᠤᠷᠪᠠᠨ ᠻᠠᠷᠪᠣᠨ ᠬᠦᠴᠢᠯ ‍ᠦᠨ ᠮᠥᠴᠡᠯᠭᠡ᠂ ᠻᠷᠸᠪᠰ ‍ᠦᠨ ᠼᠢᠻᠯ) ᠢᠨᠦ ᠨᠡᠭᠥᠷᠡᠰᠦ ᠤᠰᠤᠨ᠂ ᠥᠭᠡᠬᠦ ᠲᠣᠰᠤᠨ ᠪᠠᠰᠠ ᠤᠭᠤᠷᠠᠭ ᠬᠠᠷᠢᠶᠠᠲᠤ ᠪᠣᠳᠠᠰ ᠪᠣᠯᠬᠤ 〈〈ᠠᠼᠸᠲᠢᠯ-ᠲᠤᠰᠠᠯᠬᠤ ᠡᠰᠭᠡᠭ(acetyl-CoA)〉〉ᠢᠰᠬᠦ ᠤᠷᠪᠠᠯ ‍ᠢᠶ᠋ᠠᠷ᠂ ᠬᠦᠴᠢᠯᠲᠥ᠋ᠷᠦᠭᠴᠢ ᠬᠠᠮᠢᠶᠠᠲᠤ ᠮᠠᠬᠠᠪᠣᠳ ᠡᠷᠴᠢᠮ ᠬᠦᠴᠦᠨ ᠡᠭᠦᠰᠭᠡᠬᠦ ᠬᠢᠮᠢ ᠶ᠋ᠢᠨ ᠤᠷᠪᠠᠯ ᠮᠥᠨ᠃
ᠨᠡᠮᠡᠵᠦ ᠳᠤᠷᠠᠳᠬᠤ ᠳ᠋ᠤ᠂ ᠮᠥᠴᠡᠯᠭᠡ ᠢᠨᠦ ᠪᠡᠢ᠎ ‍ᠡ᠋ ᠮᠠᠬᠠᠪᠤᠳ ‍ᠢ ᠠᠮᠢᠨ ᠴᠤᠬᠠᠯ ᠠᠩᠭᠢᠵᠢᠷᠠᠭᠤᠯᠤᠭᠴᠢ ᠪᠣᠳᠠᠰ᠂ ᠣᠯᠠᠨ ᠪᠢᠣᠬᠢᠮᠢ ᠶ᠋ᠢᠨ ᠤᠷᠪᠠᠯ ᠳ᠋ᠦ ᠴᠤᠬᠠᠭ᠂ ᠤᠰᠤᠨᠲᠥ᠋ᠷᠦᠭᠴᠢᠲᠤ ᠨᠢᠻᠣᠲᠢᠨᠠᠮᠢᠳ᠋ ᠳ᠋ᠢᠨᠦ᠋ᠻᠯᠢᠶᠣᠲ᠋ᠢᠳ᠋(NADH) ‍ᠢᠶ᠋ᠠᠷ ᠬᠠᠩᠭᠠᠬᠤ ᠡᠭᠦᠷᠭᠡᠲᠡᠢ᠃
ᠲᠤᠰ ᠮᠥᠴᠡᠯᠭᠡ ᠶ᠋ᠢᠨ ᠣᠯᠠᠨ ᠬᠡᠷᠡᠭᠴᠡᠭᠡᠲᠦ᠂ ᠴᠤᠬᠠᠭ ᠪᠠᠢᠢᠳᠠᠯ ‍ᠢ ᠭᠦᠨᠡᠴᠢᠯᠡᠨ ᠰᠤᠳᠤᠯᠪᠠᠰᠤ᠂ ᠪᠢᠣᠯᠣᠭᠢ ᠶ᠋ᠢᠨ ᠪᠤᠰᠤ ᠠᠷᠬ᠋᠎‍ᠠ᠋ ᠪᠠᠷ ᠡᠭᠦᠰᠴᠦ᠂ ᠪᠣᠳᠠᠰ ‍ᠤᠨ ᠰᠣᠯᠢᠯᠴᠠᠬ᠋᠎‍ᠠ᠋ ᠶ᠋ᠢᠨ ᠡᠷᠲᠡᠨ ‍ᠦ ᠭᠣᠣᠯ ᠪᠦᠷᠢᠯᠳᠡᠬᠦᠨ ᠮᠥᠨ ‍ᠪᠠᠢᠢᠵᠤᠬᠤᠢ᠃
ᠬᠡᠳᠦᠢᠢᠪᠡᠷ᠂ ᠡᠭᠦᠨ ‍ᠢ ᠮᠥᠴᠡᠯᠭᠡ ᠭᠡᠵᠦ ᠦᠵᠡᠪᠡᠴᠦ᠂ ᠪᠣᠳᠠᠰ ‍ᠤᠨ ᠰᠣᠯᠢᠯᠴᠠᠭᠠᠨ ‍ᠦ ᠵᠠᠮ ᠨᠢᠭᠡ ᠡᠴᠡ ᠶᠡᠬᠡ ᠪᠠᠢᠢᠬᠤ ᠶᠠᠪᠤᠳᠠᠯ ᠣᠯᠠᠨ ᠤᠴᠢᠷ᠂ ᠭᠤᠷᠪᠠᠨ ᠦᠭᠡᠷ᠎ ᠎‍ᠡ᠋ ᠵᠠᠮ ‍ᠢᠶ᠋ᠠᠷ ᠶᠠᠪᠤᠳᠠᠭ ᠨᠢᠮᠪᠡᠭᠡ ᠶ᠋ᠢᠨ ᠬᠦᠴᠢᠯ ‍ᠦᠨ ᠮᠥᠴᠡᠯᠭᠡ ‍ᠦᠳ ᠣᠷᠤᠰᠢᠮᠤᠢ᠃