ᠭᠡᠷᠡᠯ ᠊ᠢᠢᠡᠷ ᠨᠡᠶ᠋ᠢᠯᠡᠭᠵᠢᠬᠦᠢ

Wikibilig-с
22:48, 30 Есдүгээр сар 2020-ий байдлаарх Shidten (яриа | оруулсан хувь нэмэр) хэрэглэгчийн хийсэн залруулга

ᠭᠡᠷᠡᠯ ᠪᠡᠷ ᠨᠡᠶ᠋ᠢᠯᠡᠭᠵᠢᠬᠦᠢ
(ᠹᠣᠲ᠋ᠣᠰᠢᠨ᠍ᠲᠸᠽ)

ᠤᠷᠭᠤᠮᠠᠯ ᠤᠨ
ᠹᠣᠲ᠋ᠣᠰᠢᠨ᠍ᠲ᠋ᠸᠽ ᠦᠨ
᠎ᠲᠣᠶ᠋ᠢᠮᠤ
ᠵᠢᠷᠤᠭ᠃
ᠡᠭᠦᠰᠦᠭᠰᠡᠨ
ᠨᠡᠭᠦᠷᠡᠰᠦ ᠤᠰᠤ
ᠠᠨᠤ ᠤᠷᠭᠤᠮᠠᠯ ᠳᠦ
ᠬᠠᠳᠭᠠᠯᠠᠭᠳᠠᠵᠤ᠂
ᠡᠰᠡᠬᠦᠯ᠎ᠡ
ᠠᠰᠢᠭᠯᠠᠭᠳᠠᠨ᠎ᠠ᠃


ᠤᠷᠭᠤᠮᠤᠯ ᠤᠨ ᠹᠣᠲ᠋ᠣᠰᠢᠨ᠍ᠲᠸᠽ ᠪᠣᠯ ᠨᠠᠷᠠᠨ ᠤ ᠭᠡᠷᠡᠯ ᠦᠨ ᠴᠠᠬᠢᠯᠠᠭᠠᠨ ᠰᠣᠷᠢᠨᠵᠢᠨ ᠤ ᠡᠷᠴᠢᠮ ᠬᠦᠴᠦ ᠪᠣᠯᠭᠠᠨ ᠬᠤᠪᠢᠷᠠᠭᠠᠭᠠᠳ᠂ ᠠᠲ᠋ᠮᠣᠰᠹᠧᠷ᠎ ᠠᠴᠠ ᠰᠢᠩᠭᠡᠭᠡᠳᠡᠭ ᠨᠡᠭᠦᠷᠡᠰᠦᠬᠦᠴᠢᠯ ᠦᠨ ᠬᠡᠢ ᠠᠩᠭᠢᠵᠢᠷᠠᠭᠤᠯᠵᠤ᠂ ᠬᠦᠴᠢᠯᠲᠦ᠋ᠷᠦᠭᠴᠢ ᠢᠯᠭᠠᠷᠠᠭᠤᠯᠤᠭᠰᠠᠨ ᠦᠢᠯᠡ ᠠᠵᠢᠯᠯᠠᠭ᠎ᠠ᠂ ᠫᠷᠣᠼᠧᠰᠰ ᠶᠤᠮ᠃ ᠬᠤᠪᠢᠷᠠᠭᠰᠠᠨ ᠨᠠᠷᠠᠨ ᠤ ᠧᠨᠧᠷᠬᠢ ᠢᠨᠤ᠂ᠨᠡᠭᠦᠷᠡᠰᠦᠬᠦᠴᠢᠯ ᠦᠨ ᠬᠡᠢ ᠤᠰᠤ ᠬᠣᠶᠠᠷ ᠠᠴᠠ ᠰᠢᠭᠤᠳ ᠡᠭᠦᠰᠳᠡᠭ ᠪᠣᠳᠠᠰ ᠪᠣᠯᠬᠤ ᠨᠡᠭᠦᠷᠡᠰᠦ-ᠤᠰᠤ ᠵᠡᠷᠭᠡ ᠳᠦ ᠠᠮᠤᠢ᠃ ᠨᠡᠷ᠎ᠡ ᠲᠣᠮᠢᠶᠠᠨ ᠤ ᠭᠠᠷᠪᠠᠯᠢ ᠶᠢ ᠶᠠᠷᠢᠪᠠᠰᠤ᠂ ᠭᠧᠷᠧᠭ ᠦᠨ phōs (φῶς)᠂ ᠭᠡᠷᠡᠯ᠂ sunthesis (σύνθεσις)᠂ᠨᠡᠶ᠋ᠢᠯᠡᠭᠵᠢ᠂ ᠦᠭᠡᠰ ᠡᠴᠡ ᠡᠭᠦᠰᠴᠦᠬᠦᠢ᠃ ᠬᠦᠴᠢᠯᠲᠥ᠋ᠷᠦᠭᠴᠢ ᠢᠨᠤ ᠶᠡᠬᠡ ᠲᠥᠯᠦᠪ ᠬᠠᠶᠠᠭᠳᠠᠯ ᠪᠦᠲᠦᠭᠡᠭᠳᠡᠬᠦᠨ ᠠᠵᠢᠭᠤ᠃ᠹᠣᠲ᠋ᠣ᠋-ᠠᠦ᠋ᠲ᠋ᠣᠲ᠋ᠷᠣᠹ ᠮᠠᠬᠠᠪᠤᠳ ᠪᠣᠯᠬᠤ᠂ᠤᠷᠭᠤᠮᠠᠯ᠂ ᠶᠡᠬᠡᠩᠬᠢ ᠵᠠᠮᠠᠭ᠂ ᠬᠥᠬᠡ ᠨᠣᠭᠤᠭᠠᠨ ᠵᠠᠮᠠᠭ ᠎ᠠ ᠭᠡᠷᠡᠯ ᠪᠡᠷ ᠨᠡᠶ᠋ᠢᠯᠡᠭᠵᠢᠬᠦᠢ ᠤᠷᠪᠠᠯ ᠶᠠᠪᠤᠭᠳᠠᠮᠤᠢ᠃ ᠡᠨᠡ ᠬᠦ ᠮᠠᠬᠠᠪᠤᠳᠠᠰ ᠤᠨ ᠬᠣᠪᠢᠷᠠᠭᠠᠭᠰᠠᠨ ᠧᠨᠧᠷᠬᠢ ᠢᠨᠤ ᠳᠡᠯᠡᠬᠡᠶ ᠶᠢᠨ ᠠᠮᠢᠳᠤᠷᠠᠯ ᠳᠤ ᠮᠠᠰᠢ ᠴᠢᠬᠤᠯ᠂ ᠳᠡᠭᠡᠷ᠎ᠡ ᠡᠴᠡ ᠢᠨᠤ ᠳᠡᠯᠡᠬᠡᠶ ᠶᠢᠨ ᠬᠦᠴᠢᠯᠲᠥ᠋ᠷᠦᠭᠴᠢ ᠶᠢᠨ ᠳᠡᠶ᠋ᠢᠯᠦᠩᠬᠢ ᠶᠢ ᠢᠯᠭᠠᠷᠠᠭᠤᠯᠤᠮᠤᠢ᠃
ᠬᠡᠳᠦᠢᠢᠪᠡᠷ ᠵᠦᠢᠯ ᠡᠴᠡ ᠬᠠᠮᠢᠶᠠᠷᠤᠨ᠂ ᠤᠷᠪᠠᠯ ᠤᠨ ᠶᠠᠪᠤᠬᠤ ᠵᠠᠮ ᠥᠭᠡᠷ᠎ᠡ ᠪᠣᠯᠪᠠᠴᠤ᠂ ᠾᠯᠣᠷᠣᠹᠢᠯᠯ ᠨᠥᠰᠦᠭᠡ ᠶᠢ ᠠᠭᠤᠯᠤᠭᠰᠠᠨ᠂ ᠮᠠᠬᠠᠪᠤᠳ ᠲᠤ ᠣᠷᠤᠰᠢᠬᠤ ᠤᠭᠤᠷᠠᠭ᠂ ᠤᠷᠪᠠᠯ ᠶᠢᠨ ᠲᠥᠪ ᠬᠡᠮᠡᠬᠦ ᠬᠡᠰᠡᠭ ᠲᠤᠷ ᠨᠠᠷᠠᠨ ᠤ ᠭᠡᠷᠡᠯ ᠰᠢᠩᠭᠡᠭᠡᠭᠳᠡᠵᠦ᠂ ᠤᠷᠪᠠᠯ ᠡᠬᠢᠯᠡᠶᠦ᠃ ᠤᠷᠭᠤᠮᠠᠯᠳᠦᠷ ᠡᠨᠡ ᠤᠭᠤᠷᠠᠭ ᠶᠡᠬᠡ ᠲᠥᠯᠦᠪ ᠨᠠᠪᠴᠢᠨ ᠤ ᠡᠰ ᠳᠣᠲᠤᠷ᠎ᠠ ᠪᠠᠶ᠋ᠢᠬᠤ ᠾᠯᠣᠷᠣᠫᠯᠠᠰᠲ ᠡᠷᠬᠡᠲᠡᠨᠴᠡᠷ᠎ᠡ ᠪᠠᠶ᠋ᠢᠮᠤᠢ᠃ ᠬᠠᠷᠢᠨ ᠪᠠᠻᠲᠧᠷᠢ  ᠳᠤᠷ ᠡᠨᠡ ᠾᠯᠣᠷᠣᠫᠯᠠᠰᠲ ᠡᠷᠬᠡᠲᠡᠨᠴᠡᠷ ᠢᠨᠤ ᠫᠯᠠᠰᠮ ᠮᠧᠮᠪᠷᠠᠨ ᠳᠡᠭᠡᠷ᠎ᠡ ᠬᠣᠯᠪᠤᠭᠳᠠᠭᠰᠠᠨ ᠪᠠᠶ᠋ᠢᠳᠠᠯᠲᠠᠢ᠃ ᠭᠡᠷᠡᠯ ᠯᠦᠭᠡ ᠬᠠᠮᠢᠶᠠᠷᠠᠯᠲᠦ ᠤᠷᠪᠠᠯ  ᠶᠠᠪᠤᠭᠤ ᠭᠣᠣᠯ ᠵᠠᠮ ᠠᠨᠤ᠂ ᠨᠠᠷᠠᠨ ᠠᠴᠠ ᠰᠢᠩᠭᠡᠭᠡᠭᠳᠡᠭᠰᠡᠨ ᠧᠨᠧᠷᠬᠢ ᠢᠨᠤ ᠲᠣᠬᠢᠷᠠᠮᠵᠢᠲᠠᠢ ᠪᠣᠳᠠᠰ ᠠᠴᠠ ᠧᠯᠧᠻᠲ᠋ᠷᠣᠨ᠌ ᠢ ᠰᠠᠯᠭᠠᠵᠤ ᠠᠪᠤᠬᠤ ᠳᠤ ᠠᠰᠢᠭᠯᠠᠭᠳᠠᠮᠤᠢ᠂ ᠵᠢᠰᠢᠶᠡᠯᠡᠪᠡᠯ ᠤᠰᠤᠨ ᠤ ᠮᠣᠯᠧᠻᠤᠯ ᠎ ᠠᠴᠠ ᠲᠤᠰ ᠪᠦᠷᠢ ᠬᠣᠶᠠᠷ ᠬᠣᠶᠠᠷ ᠧᠯᠧᠻᠲ᠋ᠷᠣᠨ᠌ ᠰᠠᠯᠭᠠᠵᠤ ᠠᠪᠤᠬᠤ᠃

ᠭᠡᠷᠡᠯ ᠪᠡᠷ
ᠨᠡᠶ᠋ᠢᠯᠡᠭᠵᠢᠬᠦᠢ ᠶᠢᠨ᠂
᠎ᠤᠷᠭᠤᠮᠠᠯ᠎ᠠ
ᠶᠡᠬᠡ ᠲᠥᠯᠦᠪ
ᠶᠠᠪᠤᠭᠳᠠᠳᠠᠭ
ᠤᠷᠪᠠᠯ ᠤᠨ
ᠲᠡᠭᠰᠢᠳᠬᠡᠯ᠃


ᠤᠰᠤᠨ ᠤ ᠵᠠᠳᠠᠷᠠᠯ  ᠢᠢᠠᠷ ᠡᠭᠦᠰᠦᠭᠰᠡᠨ ᠤᠰᠤᠲᠥ᠋ᠷᠦᠭᠴᠢ ᠶᠢᠨ ᠢᠶᠣᠨ᠂ ᠧᠯᠸᠻᠲ᠋ᠷᠣᠨ᠌ ᠢ ᠵᠥᠭᠡᠭᠡᠭᠴᠢ ᠪᠣᠳᠠᠰ ᠨᠠᠷ  ᠶᠢ ᠠᠨᠩᠭᠢᠵᠢᠷᠠᠭᠤᠯᠬᠤᠢ᠂ ᠡᠭᠦᠰᠬᠡᠬᠦᠢ ᠳᠤ ᠣᠷᠣᠯᠴᠠᠳᠠᠭ᠃ ᠡᠳᠡᠭᠡᠷ ᠧᠯᠧᠻᠲ᠋ᠷᠣᠨ᠌ ᠢ ᠵᠥᠭᠡᠭᠡᠴᠢ ᠪᠣᠳᠠᠰ ᠤᠨ ᠠᠩᠭᠢᠵᠢᠷᠠᠭᠰᠠᠨ ᠬᠡᠯᠪᠡᠷᠢ ᠠᠨᠤ᠂ ᠨᠢᠻᠣᠲ᠋ᠢᠨᠠᠮᠢᠳ᠋ ᠠᠳᠧᠨᠢᠨ᠌ ᠳ᠋ᠢᠨ᠍ᠦ᠋ᠻᠯᠢᠶᠣᠲ᠋ᠢ᠌ᠳ᠋ (NADPH)᠂ ᠠᠳᠧᠨᠢᠨ᠌ ᠲᠷᠢᠹᠣᠰᠹᠠᠲ(ATP)᠃
ᠤᠷᠭᠤᠮᠠᠯ᠂ ᠵᠠᠮᠠᠭ᠂ ᠬᠥᠬᠡ ᠨᠣᠭᠤᠭᠠᠨ ᠵᠠᠮᠠᠭ ᠲᠤᠷ ᠭᠡᠷᠡᠯ ᠡᠴᠡ ᠦᠯᠦ ᠬᠠᠮᠢᠶᠠᠷᠠᠬᠤ ᠤᠷᠪᠠᠯ ᠶᠠᠪᠤᠭᠳᠠᠨ᠎ᠠ᠃ ᠡᠨᠡ ᠢᠨᠤ ᠨᠢᠮᠪᠡᠭᠡ ᠶ᠋ᠢᠨ ᠬᠦᠴᠢᠯ ‍ᠦᠨ ᠮᠥᠴᠡᠯᠭᠡ ᠪᠣᠯᠠᠢ᠃ ᠡᠨᠡ ᠤᠷᠪᠠᠯ ᠠᠴᠠ ᠧᠨᠧᠷᠬᠢ  ᠶᠢ ᠬᠠᠳᠠᠭᠠᠯᠠᠭᠰᠠᠨ ᠨᠡᠭᠦᠷᠡᠰᠦ ᠤᠰᠤ ᠨᠡᠶ᠋ᠢᠯᠡᠭᠵᠢᠳᠡᠭ᠃ ᠵᠠᠷᠢᠮ ᠪᠠᠻᠲ᠋ᠧᠷᠢ ᠨᠤᠭᠤᠳ ᠠᠷᠠᠢ ᠥᠭᠡᠷ᠎ᠡ ᠤᠷᠪᠠᠯ ᠤᠨ ᠵᠠᠮ ᠢ᠂ᠤᠷᠪᠠᠭᠤ ᠨᠢᠮᠪᠡᠭᠡ ᠶᠢᠨ ᠬᠦᠴᠢᠯ ᠦᠨ ᠮᠥᠴᠢᠯᠭᠡ ᠶᠢ ᠠᠰᠢᠭᠯᠠᠮᠤᠢ᠃ ᠨᠡᠷ᠎ᠡ ᠯᠡ ᠥᠭᠡᠷ᠎ᠡ ᠪᠣᠯᠪᠠᠴᠤ᠂ ᠨᠡᠭᠦᠷᠡᠰᠦ ᠤᠰᠤ ᠡᠭᠦᠰᠳᠡᠭ ᠦᠷ᠎ᠡ ᠳ᠋ᠦ᠋ᠩ ᠡᠰᠡ ᠥᠭᠡᠷᠡᠴᠢᠯᠡᠭᠳᠡᠮᠦᠢ᠃

ᠹᠣᠲ᠋ᠣᠰᠢᠨ᠍ᠲ᠋ᠸᠽ ᠤᠨ
᠎ᠲᠠᠷᠬᠠᠴᠠ᠃
ᠬᠠᠷ᠎ᠠ
ᠤᠯᠠᠭᠠᠨ ᠠᠨᠤ
ᠶᠡᠬᠡ
ᠳᠠᠯᠠᠢ  ᠶᠢᠨ
ᠹᠣᠲ᠋ᠣᠰᠢᠨ᠍ᠲ᠋ᠧᠽ
ᠡᠷᠴᠢᠮ᠂
ᠬᠥᠬᠡ
ᠨᠣᠭᠤᠭᠠᠨ ᠠᠨᠤ
ᠡᠬᠡ
ᠭᠠᠵᠠᠷ ᠤᠨ
ᠹᠣᠲ᠋ᠣᠰᠢᠨ᠍ᠲᠧᠽ ᠦᠨ
ᠡᠷᠴᠢᠮ᠃