ᠤᠯᠠᠭᠠᠭᠴᠢ ᠊ᠢᠢᠨ ᠬᠠᠷ ᠊ᠠ᠋ ᠨᠠᠭᠤᠷ

Wikibilig-с
16:57, 21 Гуравдугаар сар 2021-ий байдлаарх Bilig Expeditions (яриа | оруулсан хувь нэмэр) хэрэглэгчийн хийсэн залруулга

ᠭᠠᠵᠠᠷ ᠵᠦᠢ ‍ᠢᠢᠨ ᠪᠠᠢᠢᠳᠠᠯ


align: top
ᠵᠡᠭᠡᠰᠦ ᠬᠢᠭᠡᠳ ᠮᠠᠩᠬᠠᠨ ᠬᠦᠷᠢᠶᠡᠯᠡᠭᠰᠡᠨ ᠨᠠᠭᠤᠷ ᠪᠢᠯᠡ


ᠤᠯᠠᠭᠠᠭᠴᠢᠨ ‍ᠤ ᠬᠠᠷ ‍ᠠ᠋ ᠨᠠᠭᠤᠷ ᠨᠢ ᠵᠠᠪᠬᠠᠨ ᠠᠢᠢᠮᠠᠭ ‍ᠤᠨ ᠡᠷᠳᠡᠨᠢ ᠬᠠᠢᠢᠷᠬᠠᠨ ᠰᠤᠮᠤ ‍ᠢᠢᠨ ᠨᠤᠲᠤᠭ ᠲᠤ ᠣᠷᠤᠰᠢᠨ᠎ ‍ᠠ᠋᠃ ᠶᠡᠬᠡ ᠨᠠᠭᠤᠷ ‍ᠤᠳ ‍ᠤᠨ ᠬᠣᠲᠤᠭᠤᠷ ᠡᠴᠡ ᠬᠠᠩᠭᠠᠢ ‍ᠢᠢᠨ ᠨᠢᠷᠤᠭᠤᠨ ‍ᠤ ᠥᠷᠦᠨᠡᠳᠦ ᠬᠠᠵᠢᠭᠤ ᠪᠡᠯ ᠬᠦᠷᠲᠡᠯ ᠯᠡ 250 ᠭᠠᠷᠤᠢ ᠻᠢᠯᠣᠮᠧᠲ᠋ᠧᠷ ᠦᠷᠭᠡᠯᠵᠢᠯᠡᠬᠦ ᠪᠣᠷᠤ ᠬᠬᠢᠷᠢ ‍ᠢᠢᠨ ᠡᠯᠡᠰᠦᠨ ᠳᠤᠮᠳᠠ ᠪᠠᠢᠢᠷᠢᠯᠠᠳᠠᠭ᠃ ᠲᠣᠪᠬᠤᠰᠢ ‍ᠢᠢᠨ ᠠᠭᠤᠯᠠᠰ ‍ᠤᠨ ᠠᠷᠤ ᠪᠠᠷ ᠪᠤᠢ᠃ ᠤᠮᠠᠷᠠᠳᠤ ᠡᠲᠡᠭᠡᠳᠦ ᠪᠡᠷ ᠨᠢ ᠡᠯᠡᠰᠦᠨ ᠮᠠᠩᠬᠠᠨ᠂ ᠡᠮᠦᠨᠡᠳᠦ ᠲᠠᠯ ‍ᠠ᠋ ᠪᠠᠷ ᠠᠨᠤ ᠵᠡᠭᠡᠰᠦ ᠬᠦᠷᠢᠶᠡᠯᠡᠭᠰᠡᠨ ᠪᠠᠢᠢᠳᠠᠭ᠃ ᠨᠠᠭᠤᠷ ‍ᠤᠨ ᠳᠣᠮᠳᠠ ᠳ᠋ᠤ ᠶᠠᠬᠡ ᠠᠪᠭᠠᠰᠢ ᠬᠢᠭᠡᠳ ᠪᠠᠭ᠎ ‍ᠠ᠋ ᠠᠪᠭᠠᠰᠢ ᠬᠡᠮᠡᠬᠦ ᠬᠣᠶᠠᠷ ᠠᠷᠠᠯ ᠪᠠᠢᠢᠬᠤ ᠠᠭᠠᠳ ᠨᠡᠭᠦᠳᠡᠯ ‍ᠦᠨ ᠰᠢᠪᠠᠭᠤᠳ ‍ᠤᠨ ᠲᠠᠭ᠎ ‍ᠠ᠋ ᠲᠠᠢ ᠵᠤᠰᠠᠯᠠᠩ ᠪᠣᠯᠳᠠᠭ ᠠᠵᠤᠭᠤ᠃ ᠤᠯᠠᠭᠠᠭᠴᠢᠨ ‍ᠢᠢᠨ ᠬᠠᠷ ᠎‍ᠠ᠋ ᠨᠠᠭᠤᠷ ‍ᠤᠨ ᠨᠡᠢᠢᠲᠡ ᠲᠠᠯᠠᠪᠠᠢ ᠠᠷᠠᠯ ‍ᠤᠳ ‍ᠤᠨ ᠬᠠᠮᠲᠤ 89 ᠬᠠᠪᠲᠠᠭᠠᠢ ᠳᠥᠷᠪᠡᠯᠵᠢᠨ ᠻᠢᠯᠠᠮᠧᠲ᠋ᠧᠷ᠃ ᠨᠠᠭᠤᠷ ‍ᠤᠨ ᠤᠰᠤᠨ ‍ᠤ ᠬᠦᠨ 50 ᠣᠷᠴᠢᠮ ᠮᠧᠲᠧᠷ᠂ ᠤᠷᠲᠤ ᠨᠢ 37 ᠻᠢᠯᠣᠮᠧᠲ᠋ᠧᠷ᠂ ᠥᠷᠭᠡᠨ ᠢᠨᠦ 7 ᠻᠢᠯᠣᠮᠧᠲ᠋ᠧᠷ ᠪᠠᠢᠢᠨ᠎ ‍ᠠ᠋᠃ ᠭᠣᠪᠢ ‍ᠢᠢᠨ ᠠᠩᠭᠠᠮᠠᠯ ᠡᠯᠡᠰᠦᠨ ᠳᠤᠮᠳᠠ ᠨᠥᠭᠡᠴᠡᠯᠡᠭᠳᠡᠭᠰᠡᠨ ᠡᠨᠡ ᠬᠦ ᠴᠡᠩᠭᠡᠭ ᠤᠰᠤᠨ ‍ᠤ ᠡᠵᠡᠯᠡᠬᠦᠨ 1.7 ᠲᠡᠷᠪᠤᠮ ᠱᠣ᠋ ᠮᠧᠲ᠋ᠧᠷ ᠠᠵᠡᠢ᠃ ᠤᠰᠤᠨ ‍ᠤ ᠡᠷᠦᠳᠡᠰᠦᠵᠢᠯᠲᠡ 542.5 ᠮ᠊ᠯ᠊/ᠯ᠊᠂ pH 9.2᠂ ᠤᠰᠤᠨ ‍ᠤ ᠳᠤᠯᠠᠭᠠᠨ ᠵᠤᠨ ᠴᠠᠭ ᠲᠤ 15-20°C᠂ ᠮᠥᠰᠦᠨ ᠳᠣᠣᠷ ‍ᠠ᠋ 0.5-1.2°C ᠪᠠᠢᠢᠨ᠎ ᠊ᠠ᠋᠃

ᠭᠧᠣᠯᠣᠭᠢ ‍ᠢᠢᠨ ᠲᠡᠦᠬᠡ


align: top
ᠭᠣᠣᠯ ‍ᠤᠨ ᠬᠥᠨᠳᠡᠢ ᠡᠯᠡᠰᠦᠨ ᠳ᠋ᠦ ᠪᠣᠭᠤᠭᠳᠠᠭᠰᠠᠨ ‍ᠢᠢᠠᠷ ᠨᠠᠭᠤᠷ ᠲᠣᠭᠲᠠᠭᠰᠠᠨ


NASA‍ ‍ᠢᠢᠨ ᠡᠷᠳᠡᠮᠲᠡᠳ ‍ᠦᠨ ᠲᠣᠳᠤᠷᠬᠠᠢᠯᠠᠭᠰᠠᠨ ‍ᠢᠢᠠᠷ ᠤᠯᠠᠭᠠᠭᠴᠢ ‍ᠢᠢᠨ ᠬᠠᠷ ‍ᠠ᠋ ᠨᠠᠭᠤᠷ 500 ᠵᠢᠯ ‍ᠦᠨ ᠲᠡᠷᠲᠡᠭᠡ ᠡᠭᠦᠰᠦᠭᠰᠡᠨ ᠪᠥᠭᠡᠳ ᠠᠩᠬᠠᠳᠠᠭᠴᠢ ᠨᠠᠭᠤᠷ ᠠᠵᠡᠢ᠃[1] ᠤᠯᠠᠭᠠᠭᠴᠢ ‍ᠢᠢᠨ ᠬᠠᠷ ‍ᠠ᠋ ᠨᠠᠭᠤᠷ ‍ᠤᠨ ᠲᠠᠨᠢᠯᠴᠠᠭᠤᠯᠭ᠎ ‍ᠠ᠋ ᠰᠠᠮᠪᠠᠷ ‍ᠤᠨ ᠪᠢᠴᠢᠭ ᠲᠦ “500 ᠵᠢᠯ”‍ ᠬᠡᠮᠡᠨ ᠪᠢᠴᠢᠭᠰᠡᠨ ᠪᠠᠢᠢᠬᠤ ᠨᠢ ᠲᠧᠻᠨᠢᠻ ‍ᠦᠨ ᠠᠯᠳᠠᠭ᠎ ‍ᠠ᠋ ᠪᠠᠢᠢᠵᠤ ᠪᠣᠯᠬᠤ ᠪᠠ ᠶᠠᠮᠪᠠᠷ ᠴᠤ ᠪᠠᠢᠢᠭᠰᠠᠨ ᠫᠯᠧᠢᠢᠰᠲ᠋ᠣᠴᠧᠨ᠎ ‍ᠦ ᠰᠡᠭᠦᠯᠴᠢ ᠡᠴᠡ ᠾᠣᠯᠣᠴᠧᠨ᠎ ‍ᠦ ᠳᠤᠮᠳᠠ ᠦᠶ ‍ᠡ᠋ ‍ᠢᠢᠨ ᠣᠷᠴᠢᠮ ‍ᠳᠤ ᠲᠣᠭᠲᠠᠭᠰᠠᠨ ᠪᠣᠯᠤᠯᠲᠠᠢ᠃ ᠾᠣᠯᠣᠴᠧᠨ᠎ ‍ᠦ ᠳᠤᠮᠳᠠ ᠦᠶᠡᠰ ᠲᠦ ᠬᠠᠭᠤᠷᠠᠢ ᠪᠠᠢᠢᠭᠰᠠᠨ ᠡᠯᠡᠰᠦᠨ ᠮᠠᠩᠬᠠᠳ ᠡᠳᠦᠭᠡ ᠤᠰᠤᠨ ᠳᠤ ᠠᠪᠲᠠᠵᠤ ᠪᠠᠢᠢᠭ᠎ ‍ᠠ᠋ ‍ᠢᠢ ᠬᠢᠮᠡᠯ ᠳᠠᠭᠠᠭᠤᠯᠢ ᠡᠴᠡ ᠠᠪᠤᠭᠰᠠᠨ ᠵᠢᠷᠤᠭᠰ ᠭᠡᠷᠴᠢᠯᠡᠳᠡᠭ ᠪᠠᠢᠢᠨ᠎ ‍ᠠ᠋᠃[2] ᠥᠭᠡᠷ ‍ᠡ᠋ ᠪᠡᠷ ᠬᠡᠯᠡᠪᠡᠯ ᠪᠠᠭᠤᠷ ‍ᠤᠨ ᠤᠰᠤᠨ ‍ᠤ ᠲᠦᠪᠰᠢᠨ ᠡᠳᠦᠭᠡ ᠳᠡᠭᠡᠰᠢᠯᠡᠵᠦ ᠪᠠᠢᠢᠭ᠎ ‍ᠠ᠋ ᠪᠣᠯᠤᠯᠲᠠᠢ᠃ ᠤᠯᠠᠭᠠᠭᠴᠢ ‍ᠢᠢᠨ ᠭᠣᠣᠯ ‍ᠤᠨ ᠬᠥᠨᠳᠡᠢ ᠰᠠᠯᠬᠢᠨ ‍ᠤ ᠭᠠᠷᠤᠯ ᠲᠠᠢ ᠡᠯᠡᠰᠦᠨ ᠳ᠋ᠦ ᠪᠣᠭᠤᠭᠳᠠᠭᠰᠠᠨ ‍ᠢᠢᠠᠷ ᠡᠨᠡ ᠬᠦ ᠨᠠᠭᠤᠷ ᠡᠭᠦᠰᠴᠦᠬᠦᠢ᠃

ᠪᠢᠣᠯᠣᠭᠢ


align: top
ᠨᠡᠭᠦᠳᠡᠯ ‍ᠦᠨ ᠰᠢᠪᠠᠭᠤᠳ ‍ᠤᠨ ᠠᠮᠤᠰᠬᠢᠳᠡᠭ ᠣᠷᠤᠨ


ᠤᠯᠠᠭᠠᠭᠴᠢ ‍ᠢᠢᠨ ᠬᠠᠷ ‍ᠠ᠋ ᠨᠠᠭᠤᠷ ᠲᠤ 13 ᠵᠦᠢᠯ ‍ᠦᠨ ᠨᠡᠭᠦᠳᠡᠯ ‍ᠦᠨ ᠰᠢᠪᠠᠭᠤᠳ ᠢᠷᠡᠳᠡᠭ ᠪᠠᠢᠢᠨ᠎ ‍ᠠ᠋᠃ ᠲᠡᠢᠢᠮᠦ ᠡᠴᠡ ᠨᠡᠭᠦᠳᠡᠯ ‍ᠦᠨ ᠰᠢᠪᠠᠭᠤᠳ ‍ᠤᠨ ᠵᠦᠢᠯ ‍ᠢ ᠰᠤᠳᠤᠯᠬᠤ᠂ ᠬᠠᠮᠠᠭᠠᠯᠬᠤ ᠳ᠋ᠤ ᠪᠦᠰᠡ ᠨᠤᠲᠤᠭ ᠬᠢᠭᠡᠳ ᠣᠯᠠᠨ ᠤᠯᠤᠰ ‍ᠤᠨ ᠬᠡᠮᠵᠢᠶᠡᠨ ‍ᠦ ᠴᠢᠬᠤᠯᠠ ᠠᠴᠢ ᠬᠣᠯᠪᠤᠭᠳᠠᠯ ᠲᠠᠢ᠃

ᠨᠤᠲᠤᠭ ᠣᠷᠤᠨ ᠷᠠᠰᠢᠶᠠᠨ ᠤᠰᠤ ᠲᠡᠷᠢᠭᠦᠲᠡᠨ ‍ᠢᠢᠡᠷ ᠪᠠᠶᠠᠯᠢᠭ ᠪᠣᠯᠪᠠᠴᠤ ᠤᠯᠠᠭᠠᠭᠴᠢ ᠊ᠢᠢᠨ ᠬᠠᠷ ‍ᠠ᠋ ᠨᠠᠭᠤᠷ ᠵᠢᠭᠠᠰᠤ ᠦᠭᠡᠢ ᠪᠠᠢᠢᠭᠰᠠᠨ ᠠᠵᠡᠢ᠃ ᠰᠢᠨᠵᠢᠯᠡᠬᠦ ᠤᠬᠠᠭᠠᠨ ‍ᠤ ᠠᠻᠠᠳᠧᠮᠢ ‍ᠢᠢᠨ ᠪᠢᠣᠯᠣᠭᠢ ‍ᠢᠢᠨ ᠬᠦᠷᠢᠶᠡᠯᠡᠩ ᠡᠴᠡ ᠤᠯᠠᠭᠠᠭᠴᠢ ‍ᠢᠢᠨ ᠬᠠᠷ ‍ᠠ᠋ ᠨᠠᠭᠤᠷ ‍ᠤᠨ ᠣᠷᠴᠢᠨ ‍ᠤ ᠨᠥᠬᠦᠴᠡᠯ ᠪᠣᠯᠤᠨ ᠵᠢᠭᠠᠰᠤᠨ ‍ᠤ ᠬᠦᠨᠡᠰᠦ ᠲᠡᠵᠢᠭᠡᠯ ‍ᠦᠨ ᠪᠠᠢᠢᠳᠠᠯ ‍ᠢ ᠣᠯᠠᠨ ᠵᠢᠯ ᠰᠤᠳᠤᠯᠤᠭᠰᠠᠨ ‍ᠪᠠᠢᠢᠳᠠᠭ᠃ ᠰᠤᠳᠤᠯᠭᠠᠨ ‍ᠤ ᠦᠷ ‍ᠡ᠋ ᠳ᠋ᠦ᠋ᠩ ‍ᠢ ᠡᠰᠢ ᠦᠨᠳᠦᠰᠦ ᠪᠣᠯᠭᠠᠨ 1980 ᠣᠨ ᠡᠴᠡ 2 ᠴᠤ ᠤᠳᠠᠭ᠎ ‍ᠠ᠋ ᠪᠠᠢᠢᠭᠠᠯ ᠨᠠᠭᠤᠷ ‍ᠤᠨ Coregonus migratorius᠂ Coregonus peled (ᠴᠠᠭᠠᠨ ᠵᠠᠷᠮ ‍ᠠ᠋) ᠵᠢᠭᠠᠰᠤ ᠠᠮᠵᠢᠯᠲᠠ ᠲᠠᠢ ᠨᠤᠲᠤᠭᠰᠢᠭᠤᠯᠤᠭᠰᠠᠨ ᠪᠠᠢᠢᠨ᠎ ‍ᠠ᠋᠃ ᠠᠻᠠᠳᠧᠮᠢᠴᠢ ᠠᠶᠤᠷ ‍ᠤᠨ ᠳᠤᠯᠮ ᠎ᠠ ᠪᠡᠷ ᠡᠨᠡᠴᠢᠯᠡᠨ ᠵᠢᠭᠠᠰᠤ ᠦᠭᠡᠢ ᠪᠠᠢᠢᠭᠰᠠᠨ 21 ᠨᠠᠭᠤᠷ ‍‍ᠲᠤ ᠵᠢᠭᠠᠰᠤ ᠨᠤᠲᠤᠭᠰᠢᠭᠤᠯᠤᠭᠰᠠᠨ ᠠᠵᠡᠢ᠃ ᠲᠤᠰ ᠨᠤᠲᠤᠭ ᠲᠤ ᠬᠡᠳᠦ ᠬᠡᠳᠦᠨ ᠬᠣᠪᠤᠷ ᠰᠥᠪᠠᠭᠤᠨ ‍ᠤ ᠵᠦᠢᠯ ᠠᠵᠢᠭᠯᠠᠭᠳᠠᠭᠰᠠᠨ ‍ᠤ ᠳᠣᠲᠤᠷ ‍ᠠ᠋ ᠨᠡᠩ ᠬᠣᠪᠤᠷᠳᠠᠭᠰᠠᠨ ᠴᠠᠭᠠᠨ ᠲᠣᠯᠤᠭᠠᠢ ᠢᠮᠠᠭᠠᠨ ᠰᠡᠭᠦᠯᠲᠦ (Oxyura leucocephala), ᠲᠣᠳᠣᠭ (Otis tarda), ᠴᠭᠠᠨ ᠬᠦᠵᠦᠭᠦᠲᠦ ᠪᠤᠲᠠᠨ ‍ᠤ ᠴᠣᠭᠴᠠᠭᠢ (Saxicola insignis) ᠲᠠᠭᠠᠷᠠᠯᠳᠤᠭᠰᠠᠨ ᠪᠠᠢᠢᠨ᠎ ‍ᠠ᠋᠃[3]

ᠪᠠᠢᠢᠭᠠᠯᠢ ‍ᠢᠢᠨ ᠴᠣᠭᠴᠠᠯᠠᠪᠤᠷᠢᠲᠤ ᠭᠠᠵᠠᠷ


align: top
ᠪᠠᠢᠢᠭᠠᠯᠢ ‍ᠢᠢᠨ ᠴᠣᠭᠴᠠᠯᠠᠪᠤᠷᠢᠲᠤ ᠭᠠᠵᠠᠷ


ᠵᠠᠪᠬᠠᠨ ᠠᠢᠢᠮᠠᠭ ‍ᠤᠨ ᠴᠡᠴᠡᠨ ᠠᠭᠤᠯᠠ ᠰᠤᠮᠤ (25.03 ᠮᠢᠩᠭᠠᠨ ᠾᠠ)᠂ ᠰᠠᠩᠲᠤᠮᠠᠷᠭᠠᠴᠠ ᠰᠤᠮᠤ (36.29 ᠮᠢᠩᠭᠠᠨ ᠾᠠ)᠂ ᠵᠠᠪᠬᠠᠨᠮᠠᠨᠳᠠᠯ ᠰᠤᠮᠤ (90 ᠮᠢᠩᠭᠠᠨ ᠾᠠ)᠂ ᠡᠷᠳᠡᠨᠢᠬᠠᠢᠢᠷᠬᠠᠨ ᠰᠤᠮᠤ ‍ᠢᠢᠨ (102.62 ᠮᠢᠩᠭᠠᠨ ᠾᠠ)ᠨᠤᠲᠤᠭ ᠳᠡᠪᠢᠰᠬᠡᠷ᠂ ᠨᠡᠢᠢᠲᠡ 253800 ᠾᠠ ᠭᠠᠵᠠᠷ ‍ᠢ ᠪᠠᠢᠢᠭᠠᠯᠢ ‍ᠢᠢᠨ ᠴᠣᠭᠴᠠᠯᠠᠪᠤᠷᠢᠲᠤ ᠭᠠᠵᠠᠷ ‍ᠤᠨ ᠠᠩᠭᠢᠯᠠᠯ ‍ᠢᠢᠠᠷ ᠲᠤᠰᠬᠠᠢ ᠬᠠᠮᠠᠭᠠᠯᠠᠯᠲᠠ ᠳ᠋ᠤ ᠠᠪᠤᠭᠰᠠᠨ᠃[4]
ᠮᠣᠩᠭᠤᠯ ᠤᠯᠤᠰ ‍ᠤᠨ ᠶᠡᠬᠡ ᠬᠤᠷᠠᠯ ‍ᠤᠨ 2010 ᠣᠨ ‍ᠤ ᠳ᠋ᠦᠭᠡᠷ ᠰᠠᠷ ‍ᠠ᠋ ‍ᠢᠢᠨ ‍ᠦ ‍ᠡᠳᠦᠷ ‍ᠦᠨ ᠳ᠋ᠤᠭᠠᠷ ᠲᠣᠭᠲᠤᠭᠠᠯ ᠳ᠋ᠤ “ᠪᠠᠢᠢᠭᠠᠯᠢ ᠣᠷᠴᠢᠨ ‍ᠤ ᠲᠡᠩᠴᠡᠯ ‍ᠢ ᠬᠠᠩᠭᠠᠬᠤ᠂ ᠤᠨᠠᠭᠠᠨ ᠲᠥᠷᠬᠦ ‍ᠢᠢ ᠬᠠᠳᠠᠭᠠᠯᠠᠬᠤ᠂ ᠪᠠᠢᠢᠭᠠᠯᠢ ‍ᠢᠢᠨ ᠠᠶᠠᠯᠠᠯ ᠵᠢᠭᠤᠯᠴᠢᠯᠠᠯ ᠬᠥᠭᠵᠢᠭᠦᠯᠬᠦ ᠵᠣᠷᠢᠯᠭ᠎ ‍ᠠ᠋ ᠪᠠᠷ᠁“ ᠬᠡᠮᠡᠨ ᠵᠢᠭᠠᠭᠵᠤ ᠲᠤᠰ ᠪᠠᠢᠢᠭᠠᠯᠢ ‍ᠢᠢᠨ ᠴᠣᠭᠴᠠᠯᠠᠪᠤᠷᠢᠲᠤ ᠭᠠᠵᠠᠷ ‍ᠢ ᠪᠠᠢᠢᠭᠤᠯᠵᠤᠬᠤᠢ᠃
ᠡᠨᠡ ᠬᠦ ᠲᠠᠤᠰᠬᠠᠢ ᠬᠠᠮᠠᠭᠠᠯᠠᠯᠲᠠ ᠲᠠᠢ ᠭᠠᠵᠠᠷ ‍ᠤᠨ ᠪᠦᠷᠢᠯᠳᠡᠬᠦᠨ ᠳ᠋ᠤ ᠪᠠᠰᠠ ᠤᠯᠠᠭᠠᠭᠴᠢ ᠬᠠᠷ ‍ᠠ᠋ ᠨᠠᠭᠤᠷ ᠡᠴᠡ ᠥᠷᠦᠨᠡᠳᠦ ᠴᠢᠭ ᠲᠦ 50 ᠻᠢᠯᠣᠮᠧᠲ᠋ᠧᠷ ᠲᠦ ᠣᠷᠤᠰᠢᠬᠤ ᠪᠠᠶᠠᠨ ᠨᠠᠭᠤᠷ ᠪᠠᠭᠲᠠᠮᠤᠢ᠃

ᠨᠡᠷ ‍ᠡ᠋ ᠲᠣᠮᠢᠶᠠᠯᠠᠯ

ᠴᠠᠭᠠᠨ ᠲᠣᠯᠤᠭᠠᠢ ᠢᠮᠠᠭᠠᠨ ᠰᠡᠭᠦᠯᠲᠦ - white-headed duck - савка
ᠲᠣᠳᠣᠭ - great bustard - дрофа
ᠴᠭᠠᠨ ᠬᠦᠵᠦᠭᠦᠲᠦ ᠪᠤᠲᠠᠨ ‍ᠤ ᠴᠣᠭᠴᠠᠭᠢ - white-throated bush chat - большой чекан
ᠴᠠᠭᠠᠨ ᠵᠠᠷᠮ ‍ᠠ᠋ - peled - пелядь
ᠣᠮᠦᠯ - Baikal omul - байкальский омуль

ᠡᠬᠢ ᠰᠤᠷᠪᠤᠯᠵᠢ

  1. ᠤᠯᠠᠭᠠᠭᠴᠢ ‍ᠢᠢᠨ ᠬᠠᠷ ‍ᠠ᠋ ᠨᠠᠭᠤᠷ ‍ᠤᠨ ᠲᠠᠨᠢᠯᠴᠠᠭᠤᠯᠭ᠎ ‍ᠠ᠋ ᠰᠠᠮᠪᠠᠷ
  2. M. Klein: Binnendünen im nördlichen Zentralasien. (= Mainzer Geographische Studien. 47). 2001
  3. Birdlaife International. Ulaagchinii Khar Lake. ᠬᠠᠨᠳᠤᠭᠰᠠᠨ 2021/03/21
  4. ᠤᠯᠠᠭᠠᠭᠴᠢ ‍ᠢᠢᠨ ᠬᠠᠷ ‍ᠠ᠋ ᠨᠠᠭᠤᠷ ‍ᠤᠨ ᠪᠠᠢᠢᠭᠠᠯᠢ ‍ᠢᠢᠨ ᠴᠣᠭᠴᠠᠯᠪᠤᠷᠢᠲᠤ ᠭᠠᠵᠠᠷ ‍ᠤᠨ ᠲᠠᠨᠢᠯᠴᠠᠭᠤᠯᠭ᠎ ‍ᠠ᠋ ᠰᠠᠮᠪᠠᠷ ‍ᠠ᠋