ᠲᠣᠳᠤ ᠪᠢᠴᠢᠭ

Wikibilig-с
10:46, 16 Тавдугаар сар 2021-ий байдлаарх Ayalgusaihan (яриа | оруулсан хувь нэмэр) хэрэглэгчийн хийсэн залруулга

ᠲᠣᠳᠣ ᠪᠢᠴᠢᠭ ᠪᠣᠯ ᠮᠣᠩᠭᠣᠯ ᠪᠢᠴᠢᠭ ᠦᠨ ᠳᠦᠷᠢᠮ ᠢ ᠮᠣᠩᠭᠣᠯ ᠬᠡᠯᠡᠨ ᠦ ᠶᠠᠷᠢᠶ᠎ᠠ᠂ ᠳᠠᠭᠤᠳᠠᠯᠭ᠎ᠠ ᠳᠤ ᠣᠶ᠋ᠢᠷᠠᠲᠤᠭᠤᠯᠬᠤ ᠵᠣᠷᠢᠯᠭ᠎ᠠ ᠪᠠᠷ ᠵᠣᠬᠢᠶᠠᠭᠰᠠᠨ ᠪᠢᠴᠢᠭ ᠶᠤᠮ᠃

ᠣᠶ᠋ᠢᠷᠠᠳ ᠠᠶᠠᠯᠭᠤᠨ ᠳᠤ ᠵᠣᠷᠢᠭᠤᠯᠵᠤ ᠵᠣᠬᠢᠶᠠᠭᠰᠠᠨ ᠭᠡᠳᠡᠭ ᠣᠶ᠋ᠢᠯᠠᠭᠠᠯᠲᠠ ᠲᠦᠭᠡᠮᠡᠯ ᠪᠠᠶ᠋ᠢᠳᠠᠭ ᠪᠣᠯᠪᠠᠴᠤ ᠶᠡᠷᠦ ᠲᠤᠬᠠᠢ ᠶᠢᠨ ᠦᠶ᠎ᠡ ᠶᠢᠨ ᠨᠡᠶ᠋ᠢᠲᠡ ᠮᠣᠩᠭᠣᠯᠴᠤᠳ ᠲᠤ ᠵᠣᠷᠢᠭᠤᠯᠵᠤ ᠵᠣᠬᠢᠶᠠᠭᠰᠠᠨ ᠪᠠᠶ᠋ᠢᠬᠤ ᠶᠢ ᠦᠭᠡᠶ᠋ᠢᠰᠭᠡᠬᠦ ᠪᠣᠯᠤᠮᠵᠢ ᠦᠭᠡᠢ᠃



ᠴᠠᠭᠠᠨ ᠲᠠᠯᠤᠭᠠᠢ


ᠡᠬᠢᠨ ᠳᠤᠮᠳᠠ ᠠᠳᠠᠭ ᠭᠠᠯᠢᠭ ᠶᠦ᠋ᠨᠢᠺᠣᠳ᠋ ᠲᠠᠢᠢᠯᠠᠪᠤᠷᠢ
ᠡᠭᠰᠢᠭ
᠊ᠠ᠊ ᠊ᠠ a 1820 ᠬᠤᠳᠤᠮ ᠮᠣᠩᠭᠤᠯ ᠪᠢᠴᠢᠭ ᠯᠦᠭᠡ ᠠᠳᠠᠯᠢ
᠊ᡄ᠊ ᠊ᡄ᠋᠎ e 1844
ᡅ᠊ ᠊ᡅ᠊ ᠊ᡅ᠋ i 1845
᠊ᡆ᠊ ᠊ᡆ o 1846
ᡇ᠊ ᠊ᡇ᠊ ᠊ᡇ u 1847
᠊ᡈ᠊ ᠊ᡈ ö 1848
ᡉ᠊ ᠊ᡉ᠊ ᠊ᡉ ü 1849
ᠤᠷᠲᠤ ᠡᠭᠰᠢᠭ
ᠠᡃ᠊ ᠊ᠠᡃ᠊ ᠊ᠠᡃ aa 1820
+
1843
ᡄᡃ᠊ ᠊ᡄᡃ᠊ ᠊ᡄᡃ᠊ ee 1844
+
1843
ᡅᡕᡅ᠊ ᠊ᡅᡕᡅ᠊ ᠊ᡅᠶ ii 1845
+
1855
+
(1845)
ᡆᡃ᠊ ᠊ᡆᡃ᠊ ᠊ᡆᡃ᠊ oo 1846
+
1843
ᡆᡇ᠊ ᠊ᡆᡇ᠊ ᠊ᡆᡇ uu 1846
+
1847
ᡈᡃ᠊ ᠊ᡈᡃ᠊ ᠊ᡈᡃ᠊ öö 1848
+
1843
ᡈᡉ᠊ ᠊ᡈᡉ᠊ ᠊ᡈᡉ üü 1848
+
1849
ᠭᠡᠢᠢᠯᠭᠦᠯᠦᠭᠴᠢ
ᡋ᠊ ᠊ᡋ᠊ b 184B
ᡏ᠊ ᠊ᡏ᠊ m 184F
᠊ᠯ᠊ ᠊ᠯ l 182F ᠬᠤᠳᠤᠮ ᠮᠣᠩᠭᠤᠯ ᠪᠢᠴᠢᠭ ᠯᠦᠭᠡ ᠠᠳᠠᠯᠢ
᠊ᠰ᠊ ᠊ᠰ s 1830 ᠬᠤᠳᠤᠮ ᠮᠣᠩᠭᠤᠯ ᠪᠢᠴᠢᠭ ᠯᠦᠭᠡ ᠠᠳᠠᠯᠢ
᠊ᠱ᠊ ᠊ᠱ sh 1831 ᠬᠤᠳᠤᠮ ᠮᠣᠩᠭᠤᠯ ᠪᠢᠴᠢᠭ ᠯᠦᠭᠡ ᠠᠳᠠᠯᠢ
᠊ᠨ᠊ ᠊ᠨ n 1828 ᠬᠤᠳᠤᠮ ᠮᠣᠩᠭᠤᠯ ᠪᠢᠴᠢᠭ ᠯᠦᠭᠡ ᠠᠳᠠᠯᠢ
᠊ᡍ᠊ x 184D
᠊ᡎ q 184E
᠊ᡐ᠊ ᠊ᡐ t 1850
d 1851
᠊ᡔ᠊ ᠊ᡔ c 1854
᠊ᡒ᠊ ᠊ᡒ ch 1852
z 1834
j 1853
᠊ᡕ ᠊ᠢ y 1855
ᠷ᠊ ᠊ᠷ᠊ r 1837 ᠬᠤᠳᠤᠮ ᠮᠣᠩᠭᠤᠯ ᠪᠢᠴᠢᠭ ᠯᠦᠭᠡ ᠠᠳᠠᠯᠢ
ᡊ᠊ ng 184A
ᠭᠠᠳᠠᠭᠠᠳᠤ ᠦᠭᠡᠨ ᠳ᠋ᠦ ᠣᠷᠤᠳᠠᠭ
᠊ᡌ p/f 184C
ᡙ᠊ h 1859
᠊ᡘ g 1858
᠊ᡗ kh 1857
j 185A
ñ 185B
dz 185C
t 1898
zh 1899
᠊ᠸ᠊ ᠊ᠸ f 1838
᠊ᡖ w 1856


ᠴᠠᠬᠢᠮᠵᠢᠯᠲᠠ


ᠭᠠᠷ ᠤᠲᠠᠰᠤᠨ ‍ᠳᠤ ᠲᠠᠳᠤ ᠪᠢᠴᠢᠭ ‍ᠢᠢᠡᠷ ᠰᠢᠪᠡᠬᠦ ᠭᠠᠷ ᠨᠡᠭᠡᠭᠡᠭᠳᠡᠭᠰᠡᠨ ᠪᠠᠢᠢᠳᠠᠯ


Unicode ᠳ᠋ᠤ ᠮᠣᠩᠭᠤᠯ ᠪᠢᠴᠢᠭ ‍ᠦᠨ U+1800 – U+18AF ᠪᠠᠭᠴᠠ ᠳᠣᠲᠤᠷ ‍ᠠ᠋ 1893 - 185C ᠬᠡᠰᠡᠭ ᠨᠢ ᠲᠣᠳᠤ ᠪᠢᠴᠢᠭ ᠲᠦ ᠣᠨᠤᠭᠠᠭᠳᠠᠭᠰᠠᠨ᠃[1]

ᠪᠠᠰᠠ ᠦᠨᠳᠦᠰᠦᠨ ᠮᠣᠩᠭᠤᠯ ᠵᠠᠷᠢᠮ ᠦᠰᠦᠭ ‍ᠦᠨ ᠺᠣᠳ᠋ ‍ᠤᠨ ᠳ᠌ᠤᠭᠠᠷ ᠲᠣᠳᠤ ᠪᠢᠴᠢᠭ ‍ᠦᠨ ᠬᠦᠲᠷᠢᠶᠡᠨ ᠳ᠋ᠦ ᠪᠠᠰᠠ ᠬᠡᠷᠡᠭᠯᠡᠭᠳᠡᠨ᠎ᠡ᠋᠃
Unicode ᠰᠲ᠋ᠠᠨ᠍ᠲᠠᠷᠳ᠋ ‍ᠢᠢᠠᠷ ᠪᠢᠴᠢᠬᠦ ᠲᠣᠬᠢᠶᠠᠯᠳᠤᠯ ᠳ᠋ᠤᠷ ᠮᠣᠩᠭᠤᠯ ᠪᠢᠴᠢᠭ ‍ᠦᠨ ᠹᠣᠨ᠍ᠲ ᠬᠡᠷᠡᠭᠯᠡᠵᠦ ᠪᠣᠯᠤᠨ᠎ᠠ᠃

Android ᠦᠢᠯᠡᠳᠡᠯ ‍ᠦᠨ ᠰᠢᠰᠲ᠋ᠧᠮ ᠲᠠᠢ ᠭᠠᠷ ᠤᠲᠠᠰᠤᠨ ‍ᠤ ᠮᠦᠯᠲ᠋ᠢᠯᠢᠩ 0 ᠭᠠᠷ ᠨᠢ ᠲᠣᠳᠤ ᠪᠢᠴᠢᠭ ‍ᠢᠢᠡᠷ ᠰᠢᠪᠡᠬᠦ ᠰᠣᠩᠭᠤᠯᠲᠠ ᠲᠠᠢ ᠢᠷᠡᠳᠡᠭ᠃


ᠲᠡᠦᠬᠡ

1635 ᠣᠨ ᠳᠤ ᠪᠠᠭᠠᠲᠤᠷ ᠬᠤᠩᠲᠠᠶᠢᠵᠢ ᠵᠡᠭᠦᠨᠭᠠᠷ ᠤᠯᠤᠰ ᠤᠨ ᠡᠵᠡᠨ ᠪᠣᠯᠵᠤ᠂ ᠰᠢᠨ᠎ᠡ ᠮᠠᠨᠳᠤᠭᠰᠠᠨ ᠤᠯᠤᠰ ‍ᠢ ᠪᠠᠨ ᠪᠡᠬᠢᠵᠢᠭᠦᠯᠬᠦ᠂ ᠦᠢᠯᠡᠳᠪᠦᠷᠢᠯᠡᠬᠦ ᠬᠦᠴᠦᠨ ᠢ ᠤᠷᠤᠭᠰᠢ ᠬᠥᠭᠵᠢᠭᠦᠯᠵᠦ᠂ ᠱᠠᠰᠢᠨ ᠰᠤᠶᠤᠯ ᠢ ᠳᠡᠯᠭᠡᠷᠡᠭᠦᠯᠬᠦ ᠳᠦ ᠶᠡᠬᠡᠬᠡᠨ ᠨᠥᠯᠥᠭᠡ ᠲᠡᠢ ᠪᠠᠶ᠋ᠢᠪᠠ᠃

ᠣᠶ᠋ᠢᠷᠠᠳ ᠤᠨ ᠵᠠᠶ᠎ᠠ ᠪᠠᠨᠳᠢᠳᠠ ᠨᠠᠮᠬᠠᠶ᠋ᠢᠵᠠᠮᠴᠣ (1599-1662) ᠲᠣᠳᠣ ᠦᠰᠦᠭ ᠢ 1648 ᠣᠨ ᠳᠤ ᠵᠣᠬᠢᠶᠠᠭᠰᠠᠨ ᠨᠢ ᠡᠭᠦᠨ ᠦ ᠨᠢᠭᠡ ᠭᠡᠷᠡᠴᠢ ᠶᠤᠮ᠃

ᠵᠠᠶ᠎ᠠ ᠪᠠᠨᠳᠢᠳᠠ 17 ᠨᠠᠰᠤᠨ ᠳᠤ ᠪᠠᠨ ᠮᠠᠨ᠍ᠵᠤᠱᠷᠢ ᠬᠤᠲᠤᠬᠲᠤ ᠡᠴᠡ ᠭᠡᠴᠡᠯ ᠰᠠᠬᠢᠯ᠂ 19 ᠨᠠᠰᠤᠨ ᠳᠤ ᠪᠠᠨ ᠪᠣᠭᠳᠠ ᠪᠯᠠᠮ᠎ᠠ ᠠᠴᠠ ᠭᠡᠯᠦᠩ ᠰᠠᠬᠢᠯ ᠬᠦᠷᠲᠡᠵᠡᠢ᠃

ᠵᠠᠶ᠎ᠠ ᠭᠡᠭᠡᠭᠡᠨ 1616 ᠣᠨ ᠳᠤ ᠴᠠᠰᠤᠲᠤ ᠶᠢᠨ ᠣᠷᠣᠨ ᠳᠤ ᠣᠳᠵᠤ ᠴᠠᠨᠢᠳ ‍ᠤᠨ ᠨᠣᠮ ᠳᠤ 20 ᠍ᠰᠢᠬᠠᠮ ᠵᠢᠯ ᠰᠤᠷᠤᠯᠴᠠᠨ᠂ ᠵᠤᠤ ‍ᠢᠢᠨ ᠷᠠᠪᠵᠠᠮᠪᠠ ᠴᠣᠯᠠ ᠬᠠᠮᠠᠭᠠᠯᠠᠭᠰᠠᠨ᠃

ᠮᠣᠩᠭᠣᠯ ᠨᠤᠲᠤᠭ ᠲᠤ ᠪᠠᠨ 1639 ᠣᠨ ᠤ ᠨᠠᠮᠤᠷ ᠡᠷᠭᠢᠨ ᠢᠷᠡᠵᠦ ᠨᠠᠰᠤᠨ ᠥᠭᠡᠳᠡ ᠪᠣᠯᠲᠠᠯ᠎ᠠ ᠪᠠᠨ ᠨᠡᠶ᠋ᠢᠭᠡᠮ᠂ ᠤᠯᠤᠰ ᠲᠥᠷᠥ᠂ ᠱᠠᠰᠢᠨ᠂ ᠰᠤᠶᠤᠯ ᠤᠨ ᠠᠮᠢᠳᠤᠷᠠᠯ ᠳᠤ ᠢᠳᠡᠪᠬᠢᠲᠡᠢ ᠣᠷᠣᠯᠴᠠᠵᠤ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠢ ᠬᠠᠮᠠᠭᠠᠯᠠᠬᠤ᠂ ᠪᠤᠷᠬᠠᠨ ᠤ ᠱᠠᠰᠢᠨ ᠢ ᠳᠡᠯᠭᠡᠷᠡᠭᠦᠯᠬᠦ᠂ ᠰᠤᠶᠤᠯ ᠢ ᠬᠥᠭᠵᠢᠭᠦᠯᠬᠦ ᠲᠠᠯ᠎ᠠ ᠪᠠᠷ ᠶᠡᠬᠡ ᠦᠢᠯᠡᠰ ᠪᠦᠲᠦᠭᠡᠭᠰᠡᠨ᠃

ᠵᠠᠶ ‍ᠠ᠋ ᠪᠠᠨᠳᠢᠳᠠ ᠨᠠᠮᠬᠠᠢᠢᠵᠠᠮᠴᠣ ᠪᠡᠷ ᠡᠨᠡ ᠬᠤᠭᠤᠴᠠᠭᠠᠨ ᠳᠤ ᠲᠣᠳᠣ ᠪᠢᠴᠢᠭ ‍ᠢ ᠵᠣᠬᠢᠶᠠᠭᠰᠠᠨ᠃

ᠲᠶ᠋ᠢᠨᠬᠦᠦ ᠣᠶ᠋ᠢᠷᠠᠳ ᠤᠨ ᠶᠡᠬᠡ ᠬᠦᠷᠢᠶᠡᠨ ᠦ ᠳᠡᠷᠭᠡᠳᠡ ᠨᠣᠮᠴᠢ ᠮᠡᠷᠭᠡᠳ ᠦᠨ ᠳᠠᠭᠤᠨ ᠬᠥᠷᠪᠡᠭᠦᠯᠭᠡ᠂ ᠡᠷᠳᠡᠮ ᠤᠬᠠᠭᠠᠨ ᠳᠤ ᠰᠤᠷᠭᠠᠬᠤ "ᠪᠢᠴᠢᠭ ᠦᠨ ᠰᠤᠷᠭᠠᠭᠤᠯᠢ" ᠍ ᠶᠢ ᠪᠠᠶᠢᠭᠤᠯᠵᠤ᠂ ᠷᠠᠳᠨᠠᠪᠠᠳᠠᠷ ‍ᠠ᠋᠂ ᠡᠷᠬᠡ ᠴᠣᠷᠵᠢ ᠪᠤᠶᠤ ᠣᠭᠲᠠᠷᠭᠤᠢ ᠶᠢᠨ ᠢᠯᠭᠠᠭᠤᠭᠰᠠᠨ ᠪᠢᠯᠢᠭᠲᠦ᠂ ᠠᠴᠢᠲᠤ ᠴᠣᠷᠵᠢ᠂ ᠨᠠᠩᠰᠠ ᠨᠠᠷ ᠤᠨ ᠪᠢᠯᠢᠭ ᠣᠶᠤᠨ ᠬᠤᠷᠴᠠ᠂ ᠪᠢᠴᠢᠭ ᠨᠣᠮ ᠤᠨ ᠮᠡᠷᠭᠡᠳ ᠢ ᠲᠥᠷᠥᠭᠦᠯᠦᠨ ᠭᠠᠷᠭᠠᠭᠰᠠᠨ ᠶᠤᠮ᠃

ᠲᠣᠳᠣ ᠪᠢᠴᠢᠭ ᠢ ᠵᠣᠬᠢᠶᠠᠬᠤ ᠳᠤ ᠪᠠᠨ ᠮᠣᠩᠭᠣᠯ ᠦᠰᠦᠭ ‍ᠢ ᠪᠡᠨ ᠤᠯᠠᠮ ᠲᠣᠳᠣᠷᠬᠠᠢ ᠪᠣᠯᠭᠠᠵᠤ᠂ ᠶᠠᠷᠢᠶᠠᠨ ᠤ ᠬᠡᠯᠡᠨ ᠳᠦ ᠣᠶ᠋ᠢᠷᠠᠲᠤᠭᠤᠯᠤᠭᠰᠠᠨ ᠦᠰᠦᠭ ᠵᠣᠬᠢᠶᠠᠬᠤ ᠴᠢᠭ᠌ ᠪᠠᠷᠢᠮᠲᠠᠯᠠᠵᠠᠢ᠃

ᠶᠤᠸᠠᠨ ᠭᠦᠷᠦᠨ ᠦ ᠦᠶ᠎ᠡ ᠶᠢᠨ ᠲᠥᠪᠡᠳ ᠦᠨ ᠫᠠᠭᠪᠠ ᠪᠯᠠᠮ ‍ᠠ᠋ ᠳᠥᠷᠪᠡᠯᠵᠢᠨ ᠪᠢᠴᠢᠭ ᠵᠣᠬᠢᠶᠠᠭᠰᠠᠨ ᠠᠴᠠ ᠬᠣᠶ᠋ᠢᠰᠢ 379 ᠵᠢᠯ ᠦᠨ ᠳᠠᠷᠠᠭ᠎ᠠ ᠠᠩᠬ᠎ᠠ ᠤᠳᠠᠭ᠎ᠠ ᠮᠣᠩᠭᠣᠯ ᠬᠦᠮᠦᠨ ᠳᠠᠭᠤᠨ ᠤᠬᠠᠭᠠᠨ ᠤ ᠣᠨᠣᠯ ᠢ ᠭᠠᠷᠮᠠᠭᠠᠢ ᠡᠵᠡᠮᠰᠢᠨ ᠦᠰᠦᠭ ᠪᠢᠴᠢᠭ  ‍ᠢ ᠪᠡᠨ ᠵᠠᠰᠠᠨ ᠰᠠᠶ᠋ᠢᠵᠢᠷᠠᠭᠤᠯᠵᠤ᠂ ᠠᠮᠢᠳᠤ ᠶᠠᠷᠢᠶᠠᠨ ᠤ ᠬᠡᠯᠡᠨ ᠳᠦ ᠣᠶ᠋ᠢᠷᠠᠲᠤᠭᠤᠯᠬᠤ ᠣᠷᠣᠯᠳᠤᠯᠭ᠎ᠠ ᠪᠠᠶ᠋ᠢᠭᠰᠠᠨ ᠬᠢᠭᠡᠳ ᠬᠣᠵᠢᠮ ᠤᠨ ᠣᠯᠠᠨ ᠪᠢᠴᠢᠭ ᠵᠣᠬᠢᠶᠠᠭᠳᠠᠨ ᠭᠠᠷᠬᠤ ᠶᠢᠨ ᠣᠷᠣᠨ ᠪᠣᠯᠵᠠᠢ᠃

ᠣᠶ᠋ᠢᠷᠠᠳ ᠤᠨ ᠠᠶᠠᠯᠭᠤᠨ ᠳᠤ ᠲᠣᠬᠢᠷᠠᠬᠤ ᠰᠢᠨ᠎ᠡ ᠴᠠᠭᠠᠨ ᠲᠣᠯᠣᠭᠠᠢ ᠵᠣᠬᠢᠶᠠᠭᠰᠠᠨ ‍ᠢᠢᠠᠷ ᠣᠶ᠋ᠢᠷᠠᠳ ᠤᠨ ᠪᠢᠴᠢᠭ ᠦᠨ ᠬᠡᠯᠡ ᠪᠤᠶᠤ ᠤᠳᠬ᠎ᠠ ᠵᠣᠬᠢᠶᠠᠯ ᠤᠨ ᠬᠡᠯᠡ ᠬᠥᠭᠵᠢᠬᠦ ᠡᠭᠦᠰᠦᠯ ᠢ ᠲᠠᠯᠪᠢᠵᠠᠢ᠃

ᠡᠭᠦᠨ ᠦ ᠲᠣᠳᠣ ᠵᠢᠱᠢᠶ᠎ᠡ ᠪᠣᠯ ᠲᠡᠷᠡ ᠪᠡᠷ ᠥᠪᠡᠷ ᠦᠨ ᠱᠠᠪᠢ ᠨᠠᠷ ᠤᠨ ᠬᠠᠮᠲᠤ 1650-1662 ᠣᠨ ᠳᠤ ᠭᠣᠣᠯ ᠲᠥᠯᠥᠪ ᠪᠤᠷᠬᠠᠨ ᠱᠠᠰᠢᠨ ᠤ ᠬᠣᠯᠪᠣᠭᠳᠠᠯ ᠲᠠᠢ 177 ᠨᠣᠮ ᠵᠣᠬᠢᠶᠠᠯ ᠢ᠂ ᠲᠡᠭᠦᠨ ᠡᠴᠡ ᠬᠣᠶ᠋ᠢᠰᠢ ᠱᠠᠪᠢ ᠨᠠᠷ ᠨᠢ 37 ᠵᠣᠬᠢᠶᠠᠯ ᠢ ᠲᠥᠪᠡᠳ ᠬᠡᠯᠡᠨ ᠡᠴᠡ ᠲᠤᠰ ᠲᠤᠰ ᠣᠷᠴᠢᠭᠤᠯᠤᠨ᠂ ᠲᠣᠳᠣ ᠪᠢᠴᠢᠭ ᠢᠶᠡᠷ ᠪᠠᠭᠤᠯᠭᠠᠵᠠᠢ᠃

ᠡᠳᠡᠭᠡᠷ ᠦᠨ ᠶᠡᠬᠡᠩᠬᠢ ᠨᠢ ᠮᠠᠨᠵᠤ ᠶᠢᠨ ᠲᠦᠷᠢᠮᠡᠭᠡᠶ᠋ᠢᠯᠡᠯ ᠦᠨ ᠦᠶ᠎ᠡ ᠳᠦ ᠦᠷᠡᠨ ᠲᠠᠷᠠᠨ ᠪᠣᠯᠵᠤ ᠤᠰᠠᠳᠤᠭᠰᠠᠨ᠃

ᠭᠡᠪᠡᠴᠦ ᠣᠳᠣ ᠦᠶ᠎ᠡ ᠳᠦ ᠬᠡᠯᠡ ᠵᠣᠬᠢᠶᠠᠯ ᠤᠨ ᠬᠦᠷᠢᠶᠡᠯᠡᠩ᠂ ᠬᠣᠪᠳᠤ ᠶᠢᠨ ᠪᠠᠭᠰᠢ ᠶᠢᠨ ᠳᠡᠭᠡᠳᠦ ᠰᠤᠷᠭᠠᠭᠤᠯᠢ᠂ ᠬᠤᠪᠢ ᠬᠦᠮᠦᠨ᠂ ᠰᠠᠨ᠍ᠺᠲ-ᠫᠧᠲ᠋ᠧᠷᠪᠦ᠋ᠷᠭ᠌ ᠬᠣᠲᠠ ᠶᠢᠨ ᠨᠣᠮ ᠤᠨ ᠰᠠᠩ᠂ ᠤᠯᠠᠭᠠᠨ-ᠦᠳᠡ ᠬᠣᠲᠠ ᠶᠢᠨ ᠮᠣᠩᠭᠣᠯ ᠲᠥᠪᠡᠳ ᠪᠤᠲᠲᠾᠠ ᠶᠢᠨ ᠰᠤᠳᠤᠯᠤᠯ ᠤᠨ ᠬᠦᠷᠢᠶᠡᠯᠡᠩ ᠦᠨ ᠮᠣᠩᠭᠣᠯ ᠨᠣᠮ ᠤᠨ ᠰᠠᠩ ᠬᠥᠮᠥᠷᠭᠡ ᠳᠦ ᠬᠠᠳᠠᠭᠠᠯᠠᠭᠳᠠᠵᠤ ᠪᠠᠶ᠋ᠢᠨ᠎ᠠ᠃

ᠲᠣᠳᠣ ᠪᠢᠴᠢᠭ ᠢ 1924 ᠣᠨ ᠬᠦᠷᠲᠡᠯ᠎ᠡ ᠣᠷᠣᠰ ᠳᠠᠬᠢ ᠬᠠᠯᠢᠮᠠᠭ ᠤᠳ ᠬᠡᠷᠡᠭᠯᠡᠵᠦ ᠪᠠᠶ᠋ᠢᠭᠰᠠᠨ᠃

ᠬᠢᠲᠠᠳ ᠤᠨ ᠰᠢᠨ᠎ ‍ᠡ᠋ ᠬᠢᠵᠠᠭᠠᠷ ‍ᠤᠨ ᠣᠶ᠋ᠢᠷᠠᠳ ᠤᠳ ᠣᠳᠣ ᠪᠣᠯᠲᠠᠯ᠎ᠠ ᠬᠡᠷᠡᠭᠯᠡᠵᠦ ᠪᠠᠶ᠋ᠢᠨ᠎ᠠ᠃


ᠰᠤᠳᠤᠯᠭ᠎ᠠ


ᠬᠣᠪᠳᠤ ‍ᠢᠢᠨ ᠶᠡᠬᠡ ᠰᠤᠷᠭᠠᠭᠤᠯᠢ


ᠮᠣᠩᠭᠣᠯ ᠳᠤ ᠲᠣᠳᠣ ᠪᠢᠴᠢᠭ ᠦᠨ ᠲᠠᠯ᠎ᠠ ᠪᠠᠷ ᠰᠤᠳᠤᠯᠭ᠎ᠠ ᠬᠢᠭᠰᠡᠨ ᠬ ∙ ᠯᠤᠪᠰᠠᠩᠪᠠᠯᠳᠠᠨ ᠨᠠᠷ ᠤᠨ ᠣᠯᠠᠨ ᠡᠷᠳᠡᠮᠲᠡᠳ ᠪᠠᠶ᠋ᠢᠳᠠᠭ᠃

ᠬᠣᠪᠳᠣ ᠶᠢᠨ ᠪᠠᠭᠰᠢ ᠶᠢᠨ ᠳᠡᠭᠡᠳᠦ ᠰᠤᠷᠭᠠᠭᠤᠯᠢ ᠶᠢᠨ ᠪᠠᠭᠰᠢ ᠠᠭᠰᠠᠨ ᠭᠠᠯᠵᠢᠭᠠᠨ ᠵᠠᠮᠢᠶᠠᠨ "ᠲᠣᠳᠣ ᠪᠢᠴᠢᠭ ᠦᠨ ᠬᠠᠷᠢᠴᠠᠭᠤᠯᠤᠭᠰᠠᠨ ᠰᠤᠳᠤᠯᠭ᠎ᠠ" ᠰᠡᠳᠦᠪ ‍ᠢᠶ᠋ᠡᠷ 1969 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠲᠡᠭᠦᠰᠬᠦ ᠳ᠋ᠢᠫᠯᠣᠮ ᠤᠨ ᠠᠵᠢᠯ ᠪᠢᠴᠢᠭᠰᠡᠨ᠃

ᠬᠣᠵᠢᠮ ᠰᠤᠳᠤᠯᠭ᠎ᠠ ᠶᠢ ᠪᠠᠨ ᠥᠷᠭᠡᠵᠢᠭᠦᠯᠦᠨ᠂ 1984 ᠣᠨ ᠳᠤ ᠬᠡᠯᠡ ᠰᠢᠨᠵᠢᠯᠡᠯ ᠦᠨ ᠳ᠋ᠣᠺᠲ᠋ᠣᠷ (Ph.D) ᠍ ᠤᠨ ᠵᠡᠷᠭᠡ ᠬᠠᠮᠠᠭᠠᠯᠠᠭᠰᠠᠨ ᠶᠤᠮ᠃

ᠲᠡᠦᠬᠡ ᠰᠤᠶᠤᠯ᠂ ᠬᠡᠯᠡ ᠪᠢᠴᠢᠭ ᠰᠤᠳᠤᠯᠤᠯ ᠤᠨ ᠲᠣᠳᠤ ᠨᠣᠮ ‍ᠤᠨ ᠭᠡᠷᠡᠯ ᠲᠥᠪ ᠦᠨ ᠡᠷᠳᠡᠮᠲᠡᠳ ᠨᠠ᠊.ᠰᠦᠬᠡᠪᠠᠭᠠᠲᠤᠷ᠂ ᠪ ∙ ᠲᠦᠪᠰᠢᠨᠲᠡᠭᠦᠰ ᠨᠠᠷ ᠲᠣᠳᠣ ᠪᠢᠴᠢᠭ ᠰᠤᠳᠤᠯᠤᠯ ᠢ ᠬᠥᠭᠵᠢᠭᠦᠯᠬᠦ ᠲᠠᠯ᠎ᠠ ᠪᠠᠷ ᠰᠠᠨᠠᠭᠠᠴᠢᠯᠠᠭ᠎ᠠ ᠲᠠᠢ ᠠᠵᠢᠯᠯᠠᠵᠤ ᠪᠠᠶ᠋ᠢᠨ᠎ᠠ᠃

ᠲᠡᠳᠡ ᠲᠣᠳᠣ ᠪᠢᠴᠢᠭ ᠦᠨ ᠰᠤᠷᠬᠤ ᠪᠢᠴᠢᠭ᠂ ᠲᠣᠯᠢ ᠪᠢᠴᠢᠭ ᠬᠡᠪᠯᠡᠭᠦᠯᠦᠨ ᠨᠡᠶ᠋ᠢᠲᠡ ᠶᠢᠨ ᠬᠦᠷᠲᠡᠭᠡᠯ ᠪᠣᠯᠭᠠᠵᠤ ᠪᠠᠶ᠋ᠢᠨ᠎ᠠ᠃[2]


ᠡᠬᠢ ᠰᠤᠷᠪᠤᠯᠵᠢ

  1. [https://www.unicode.org/charts/PDF/U1800.pdf Mongolian Range: 1800–18AF]ᠭᠠᠨᠳᠤᠭᠰᠠᠨ 2021/05/08
  2. ᠯ ∙ ᠴᠢᠯᠠᠭᠤᠨᠪᠠᠭᠠᠲᠤᠷ᠃ ᠨᠡᠭᠦᠳᠡᠯᠴᠢᠨ ᠮᠣᠩᠭᠣᠯᠴᠤᠳ ᠤᠨ ᠪᠢᠴᠢᠭ ᠦᠰᠦᠭ ᠦᠨ ᠰᠤᠶᠤᠯ᠃ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠬᠡᠪᠯᠡᠬᠦ ᠦᠢᠯᠡᠳᠪᠦᠷᠢ ᠳᠦ ᠬᠡᠪᠯᠡᠪᠡ᠃ УБ᠃ 2001᠃